2019 ᠣᠨ ᠤ ᠥᠪᠥᠷ ᠮᠣᠩᠭᠤᠯ ᠤᠷᠤᠨ ᠤ ᠲᠠᠷᠢᠶᠠᠯᠠᠩ ᠤᠨ ᠮᠠᠰᠢᠨ ᠪᠠᠭᠠᠵᠢ ᠬᠤᠳᠠᠯᠳᠤᠨ ᠠᠪᠬᠤ ᠨᠦᠬᠦᠪᠦᠷᠢ ᠦᠭᠬᠦ ᠠᠵᠢᠯ  ᠡᠬᠢᠯᠡᠪᠡ
ᠨᠡᠶᠢᠲᠡᠯᠡᠭᠰᠡᠨ ᠴᠠᠭ᠄
2019/5/10
        ᠰᠤᠷᠪᠤᠯᠵᠢᠯᠠᠭᠴᠢ ᠦᠪᠡᠷᠳᠡᠭᠡᠨ ᠵᠠᠰᠠᠬᠤ ᠤᠷᠤᠨ ᠤ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ‌ᠤᠷᠤᠨ ᠤ ᠲᠢᠩᠭᠢᠮ ᠠᠴᠠ ᠤᠢᠢᠯᠠᠭᠠᠭᠰᠠᠨ ᠢᠶᠠᠷ᠂ 2019 ᠤᠨ ᠤ  ᠮᠠᠨ ᠤ  ᠤᠷᠤᠨ ᠤ  ᠲᠠᠷᠢᠶᠠᠯᠠᠩ ᠤᠨ  ᠮᠠᠰᠢᠨ  ᠪᠠᠭᠠᠵᠢ‌ᠬᠤᠳᠠᠯᠳᠤᠨ ᠠᠪᠬᠤ ᠨᠦᠬᠦᠪᠦᠷᠢ ᠦᠭᠬᠦ ᠠᠵᠢᠯ ᠨᠢᠭᠡᠨᠳᠡ ᠡᠬᠢᠯᠡᠵᠦ᠂ ᠨᠦᠬᠦᠪᠦᠷᠢ  ᠦᠭᠬᠦ  ᠪᠦᠳᠦᠭᠡᠭᠳᠡᠭᠦᠨ ᠢ  ᠲᠠᠩᠰᠠᠯᠠᠬᠤ ᠳ᠋ᠤ᠋‌‍ᠰᠦ᠋ᠯᠵᠢᠶᠡᠨ  ᠲᠡᠭᠡᠷ᠎ᠠ  ᠡᠷᠡᠮᠡᠯᠵᠡᠬᠦ  ᠬᠡᠯᠪᠡᠷᠢ ᠶᠢ  ᠬᠡᠷᠡᠭᠵᠢᠭᠦᠯᠵᠦ᠂  ᠦᠢᠯᠡᠳᠪᠦᠷᠢᠯᠡᠭᠴᠢ  ᠠᠵᠤ   ᠠᠬᠤᠢᠢᠯᠠᠯ ᠨᠢ   ︽ᠰᠠᠶᠢᠨ‌‍ᠲ᠋ᠤᠷ᠎ᠠ ᠠᠴᠠ ᠪᠠᠨ  ᠡᠷᠡᠮᠡᠯᠵᠡᠬᠦ᠂  ᠪᠡᠶ᠎ᠠ ᠪᠠᠨ  ᠲᠠᠭᠠᠭᠠᠵᠤ  ᠲᠠᠩᠰᠠᠯᠠᠬᠤ᠂  ᠠᠮᠠᠯᠠᠯᠳᠠ  ᠬᠢᠬᠦ᠂  ᠬᠡᠯᠪᠡᠷᠢ  ᠮᠠᠶ᠋ᠢᠭ ᠤᠨ  ᠬᠢᠨᠠᠨ‌‍ᠪᠠᠶᠢᠴᠠᠭᠠᠯᠳᠠ ᠬᠢᠬᠦ︾ ᠵᠡᠷᠭᠡ ᠬᠡᠯᠪᠡᠷᠢ ᠪᠠᠷ ᠶᠠᠪᠤᠭᠳᠠᠨ᠎ᠠ᠃              ᠲᠠᠷᠢᠶᠠᠯᠠᠩ ᠤᠨ ᠮᠠᠰᠢᠨ ᠪᠠᠭᠠᠵᠢ ᠬᠤᠳᠠᠯᠳᠤᠨ ᠠᠪᠬᠤ  ᠨᠦᠬᠦᠪᠦᠷᠢ  ᠦᠭᠬᠦ  ᠡᠳᠡᠭᠡᠳ ᠲᠤ  ᠦᠪᠡᠷᠳᠡᠭᠡᠨ  ᠵᠠᠰᠠᠬᠤ‌ᠤᠷᠤᠨ ᠤ ᠬᠡᠪᠴᠢᠶᠡᠨ ᠳᠠᠬᠢ ᠮᠠᠯ ᠠᠵᠤ ᠠᠬᠤᠢ ᠲᠠᠷᠢᠶᠠᠯᠠᠩ ᠤᠨ ᠦᠢᠯᠡᠳᠪᠦᠷᠢᠯᠡᠯ ᠡᠷᠬᠢᠯᠡᠵᠦ ᠪᠠᠶᠢᠭ᠎ᠠ ᠬᠤᠪᠢ ᠬᠦᠮᠦᠨ  ᠪᠤᠯᠤᠨ‌ᠮᠠᠯ ᠠᠵᠤ ᠠᠬᠤᠢ ᠲᠠᠷᠢᠶᠠᠯᠠᠩ ᠤᠨ ᠦᠢᠯᠡᠳᠪᠦᠷᠢᠯᠡᠯ ᠡᠵᠡᠩᠨᠡᠯᠳᠡ ᠶᠢᠨ ᠵᠤᠬᠢᠶᠠᠨ ᠪᠠᠶᠢᠭᠤᠯᠤᠯᠳᠠ  ︵ᠲᠤᠷᠤᠭᠰᠢ  ︽ᠬᠤᠳᠠᠯᠳᠤᠨ‌ᠠᠪᠤᠭᠴᠢ︾ ᠭᠡᠵᠦ ᠲᠦᠭᠦᠮᠴᠢᠯᠡᠨ᠎ᠠ︶ ᠶᠢ ᠪᠠᠭᠳᠠᠭᠠᠵᠤ᠂  ᠡᠭᠦᠨ ᠤ  ᠲᠤᠳᠤᠷ᠎ᠠ  ᠦᠪᠡᠷᠳᠡᠭᠡᠨ  ᠵᠠᠰᠠᠬᠤ  ᠤᠷᠤᠨ ᠤ  ᠡᠳ᠋ ‍ᠤᠨ‌ᠵᠠᠰᠠᠭ ᠤᠨ ᠪᠡᠯᠡ  ᠮᠦᠩᠭᠦ ᠶᠢᠨ  ᠨᠡᠮᠡᠨ  ᠨᠡᠶᠢᠯᠡᠭᠦᠯᠦᠭᠰᠡᠨ  ᠨᠦᠬᠦᠪᠦᠷᠢ  ᠪᠠ  ᠲᠤᠰᠠᠭᠠᠷ  ᠨᠦᠬᠦᠪᠦᠷᠢ ᠶᠢᠨ  ᠪᠦᠳᠦᠭᠡᠭᠳᠡᠭᠦᠨ ᠢ‌‍ᠪᠠᠭᠳᠠᠭᠠᠵᠤ᠂ ᠮᠠᠯᠴᠢᠳ ᠪᠤᠯᠤᠨ ᠮᠠᠯᠴᠢᠳ ᠤᠨ ᠦᠢᠯᠡᠳᠪᠦᠷᠢᠯᠡᠯ ᠡᠵᠡᠩᠨᠡᠯᠳᠡ ᠶᠢᠨ ᠵᠤᠬᠢᠶᠠᠨ ᠪᠠᠶᠢᠭᠤᠯᠤᠯᠳᠠ ᠪᠠᠷ ᠬᠢᠵᠠᠭᠠᠷᠯᠠᠵᠤ᠂ᠮᠠᠯᠴᠢᠳ ᠪᠤᠯᠤᠨ ᠮᠠᠯᠴᠢᠳ ᠤᠨ ᠦᠢᠯᠡᠳᠪᠦᠷᠢᠯᠡᠯ ᠡᠵᠡᠩᠨᠡᠯᠳᠡ ᠶᠢᠨ ᠵᠤᠬᠢᠶᠠᠨ ᠪᠠᠶᠢᠭᠤᠯᠤᠯᠳᠠ ᠶᠢᠨ ᠵᠠᠭᠠᠭ ᠱᠤᠭᠤᠮ ᠢ  ᠨᠤᠳᠤᠭ‌‍ᠪᠡᠯᠴᠢᠭᠡᠷ ᠤᠨ ᠲᠠᠭᠠᠭᠠᠴᠢᠯᠠᠨ ᠡᠵᠡᠩᠨᠡᠬᠦ ᠡᠷᠭᠡ ᠶᠢᠨ ᠦᠨᠡᠮᠯᠡᠯ ᠪᠠᠶᠢᠬᠤ ᠡᠰᠡᠬᠦ ᠪᠠᠷ ᠪᠠᠷᠢᠮᠳᠠᠯᠠᠯ ᠪᠤᠯᠭᠠᠨ᠎ᠠ᠃ ᠨᠦᠬᠦᠪᠦᠷᠢ  ᠦᠭᠬᠦ‌ᠡᠳᠡᠭᠡᠳ ᠲᠤ ᠤᠯᠤᠰ ᠪᠤᠯᠤᠨ ᠤᠷᠤᠨ ᠨᠤᠳᠤᠭ ᠤᠨ ᠡᠯ᠎ᠠ ᠱᠠᠳᠤᠨ ᠤ ᠵᠠᠰᠠᠭ ᠤᠨ ᠤᠷᠳᠤᠨ ᠤ ᠡᠳ᠋ ᠤᠨ  ᠵᠠᠰᠠᠭ ᠤᠨ  ᠴᠠᠯᠢᠩ‌‍ᠬᠦ᠋ᠯᠦᠰᠦ ᠠᠪᠴᠤ ᠪᠠᠶᠢᠭ᠎ᠠ ᠠᠵᠢᠯᠳᠠᠨ ᠢ ᠪᠠᠭᠳᠠᠭᠠᠬᠤ ᠦᠭᠡᠢ᠃              ᠲᠦᠪ ᠤᠨ ᠡᠳ᠋ ᠤᠨ ᠵᠠᠰᠠᠭ ᠤᠨ ᠪᠡᠯᠡ ᠮᠦᠩᠭᠦ ᠶᠢᠨ ᠨᠦᠬᠦᠪᠦᠷᠢ ᠦᠭᠬᠦ ᠮᠠᠰᠢᠨ ᠪᠠᠭᠠᠵᠢ ᠶᠢᠨ  ᠲᠦᠷᠦᠯ  ᠵᠦᠢᠯ ‍ᠤᠨ‌‍ᠬᠦ᠋ᠷᠢᠶ᠎ᠠ ᠬᠡᠪᠴᠢᠶ᠎ᠠ ᠨᠢ 11 ᠶᠡᠭᠡ ᠲᠦᠷᠦᠯ᠂ 22 ᠪᠠᠭ᠎ᠠ ᠲᠦᠷᠦᠯ ᠤᠨ 49 ᠲᠦᠷᠦᠯ ᠵᠦᠢᠯ ᠢ ᠪᠠᠭᠳᠠᠭᠠᠨ᠎ᠠ᠃ ᠦᠪᠡᠷᠳᠡᠭᠡᠨ‌ᠵᠠᠰᠠᠬᠤ ᠤᠷᠤᠨ ᠤ ᠡᠳ᠋ ᠤᠨ ᠵᠠᠰᠠᠭ ᠤᠨ ᠪᠡᠯᠡ ᠮᠦᠩᠭᠦ ᠨᠢ ᠮᠠᠯᠵᠢᠬᠤ ᠤᠷᠤᠨ ᠤ ᠮᠠᠯᠴᠢᠳ ᠤᠨ ᠮᠠᠯ ᠠᠵᠤ ᠠᠬᠤᠢ ᠶᠢᠨ ᠮᠠᠰᠢᠨ‌‍ᠪᠠᠭᠠᠵᠢ  ᠬᠤᠳᠠᠯᠳᠤᠨ  ᠠᠪᠬᠤ ᠳᠤ  ᠨᠡᠮᠡᠨ  ᠨᠡᠶᠢᠯᠡᠭᠦᠯᠦᠭᠰᠡᠨ  ᠨᠦᠬᠦᠪᠦᠷᠢ  ᠪᠤᠯᠤᠨ   ᠲᠤᠰᠠᠭᠠᠷ   ᠨᠦᠬᠦᠪᠦᠷᠢ   ᠦᠭᠬᠦ ᠵᠢ‌‍ᠬᠡᠷᠡᠭᠵᠢᠭᠦᠯᠦᠨ᠎ᠠ᠂ ᠲᠤᠰᠠᠭᠠᠷ ᠨᠦᠬᠦᠪᠦᠷᠢ ᠦᠭᠬᠦ ᠮᠠᠯ ᠠᠵᠤ ᠠᠬᠤᠢ ᠶᠢᠨ ᠮᠠᠰᠢᠨ ᠪᠠᠭᠠᠵᠢ ᠶᠢ ᠲᠦᠪ ᠤᠨ ᠡᠳ᠋ ᠤᠨ  ᠵᠠᠰᠠᠭ ‍ᠤᠨ‌‍ᠪᠡᠯᠡ ᠮᠦᠩᠭᠦ ᠶᠢᠨ ᠨᠦᠬᠦᠪᠦᠷᠢ ᠦᠭᠬᠦ ᠬᠦᠷᠢᠶ᠎ᠠ ᠬᠡᠪᠴᠢᠶᠡᠨ ᠳᠤ ᠤᠷᠤᠭᠤᠯᠤᠭᠰᠠᠨ  ᠦᠭᠡᠢ᠃  ᠨᠦᠬᠦᠪᠦᠷᠢ  ᠦᠭᠬᠦ  ᠬᠦᠷᠢᠶ᠎ᠠ‌‍ᠬᠡᠪᠴᠢᠶ᠎ᠠ ᠬᠢᠭᠡᠳ ᠨᠦᠬᠦᠪᠦᠷᠢ ᠦᠭᠬᠦ ᠪᠦᠳᠦᠭᠡᠭᠳᠡᠭᠦᠨ ᠤ ᠮᠡᠳᠡᠭᠡ ᠵᠠᠩᠭᠢ ᠶᠢ ᠦᠪᠦᠷ ᠮᠤᠩᠭᠤᠯ ᠤᠨ  ᠲᠠᠷᠢᠶᠠᠯᠠᠩ  ᠮᠠᠯ  ᠠᠵᠤ‌ᠠᠬᠤᠢ ᠶᠢᠨ ᠮᠠᠰᠢᠨᠴᠢᠯᠠᠯᠳᠠ ᠶᠢᠨ ᠮᠡᠳᠡᠭᠡ ᠵᠠᠩᠭᠢ ᠶᠢᠨ ᠰᠦᠯᠵᠢᠶ᠎ᠠ ᠶᠢᠨ ᠦᠪᠦᠷ ᠮᠤᠩᠭᠤᠯ ᠤᠨ ᠲᠠᠷᠢᠶᠠᠯᠠᠩ ᠤᠨ ᠮᠠᠰᠢᠨ  ᠪᠠᠭᠠᠵᠢ‌ᠬᠤᠳᠠᠯᠳᠤᠨ ᠠᠪᠬᠤ ᠨᠦᠬᠦᠪᠦᠷᠢ ᠶᠢᠨ ᠮᠡᠳᠡᠭᠡ ᠵᠠᠩᠭᠢ ᠶᠢ  ᠢᠯᠡ  ᠨᠡᠶᠢᠳᠡᠯᠡᠬᠦ  ᠲᠤᠰᠬᠠᠢ  ᠪᠤᠯᠤᠩ ᠠᠴᠠ  ᠠᠰᠠᠭᠤᠨ  ᠯᠠᠪᠯᠠᠵᠤ‌‍ᠪᠤᠯᠤᠨ᠎ᠠ᠃        ᠲᠠᠷᠢᠶᠠᠯᠠᠩ ᠤᠨ  ᠮᠠᠰᠢᠨ  ᠪᠠᠭᠠᠵᠢ  ᠬᠤᠳᠠᠯᠳᠤᠨ  ᠠᠪᠬᠤ  ᠨᠦᠬᠦᠪᠦᠷᠢ ᠨᠢ  ᠨᠤᠷᠮᠠᠴᠢᠯᠠᠨ  ᠨᠦᠬᠦᠪᠦᠷᠢ   ᠦᠭᠬᠦ ᠵᠢ‌‍ᠬᠡᠷᠡᠭᠵᠢᠭᠦᠯᠵᠦ᠂ ᠪᠤᠳᠠᠳᠠᠢ ᠨᠦᠬᠦᠪᠦᠷᠢ ᠦᠭᠬᠦ ᠮᠠᠰᠢᠨ ᠪᠠᠭᠠᠵᠢ ᠪᠤᠯᠤᠨ ᠨᠦᠬᠦᠪᠦᠷᠢ ᠦᠭᠬᠦ  ᠵᠤᠭᠤᠰ ᠤᠨ  ᠲᠤᠭ᠎ᠠ ᠶᠢ  ᠦᠪᠦᠷ‌ᠮᠤᠩᠭᠤᠯ ᠤᠨ ᠲᠠᠷᠢᠶᠠᠯᠠᠩ  ᠮᠠᠯ  ᠠᠵᠤ  ᠠᠬᠤᠢ ᠶᠢᠨ  ᠮᠠᠰᠢᠨᠴᠢᠯᠠᠯᠳᠠ ᠶᠢᠨ  ᠮᠡᠳᠡᠭᠡ  ᠵᠠᠩᠭᠢ ᠶᠢᠨ  ᠰᠦᠯᠵᠢᠶ᠎ᠠ ᠶᠢᠨ  ᠦᠪᠦᠷ‌ᠮᠤᠩᠭᠤᠯ ᠤᠨ ᠲᠠᠷᠢᠶᠠᠯᠠᠩ ᠤᠨ ᠮᠠᠰᠢᠨ ᠪᠠᠭᠠᠵᠢ ᠬᠤᠳᠠᠯᠳᠤᠨ ᠠᠪᠬᠤ ᠨᠦᠬᠦᠪᠦᠷᠢ ᠶᠢᠨ  ᠮᠡᠳᠡᠭᠡ  ᠵᠠᠩᠭᠢ ᠶᠢ  ᠢᠯᠡ  ᠨᠡᠶᠢᠳᠡᠯᠡᠬᠦ‌‍ᠲ᠋ᠤᠰᠬᠠᠢ ᠪᠤᠯᠤᠩ ᠠᠴᠠ ᠠᠰᠠᠭᠤᠨ ᠯᠠᠪᠯᠠᠵᠤ ᠪᠤᠯᠤᠨ᠎ᠠ᠃ ᠮᠠᠯᠴᠢᠳ ᠵᠢᠴᠢ  ᠮᠠᠯᠴᠢᠳ ᠤᠨ  ᠦᠢᠯᠡᠳᠪᠦᠷᠢᠯᠡᠯ  ᠡᠵᠡᠩᠨᠡᠯᠳᠡ ᠵᠢᠨ‌ᠵᠤᠬᠢᠶᠠᠨ ᠪᠠᠶᠢᠭᠤᠯᠤᠯᠳᠠ ᠮᠠᠯ ᠠᠵᠤ ᠠᠬᠤᠢ ᠶᠢᠨ ᠮᠠᠰᠢᠨ ᠪᠠᠭᠠᠵᠢ ᠬᠤᠳᠠᠯᠳᠤᠨ ᠠᠪᠬᠤ ᠳᠤ  ᠲᠦᠪ ᠤᠨ  ᠡᠳ᠋ ᠤᠨ  ᠵᠠᠰᠠᠭ ‍ᠤᠨ‌‍ᠪᠡᠯᠡ ᠮᠦᠩᠭᠦ ᠶᠢᠨ ᠨᠤᠷᠮᠠᠳᠤ ᠨᠦᠬᠦᠪᠦᠷᠢ ᠶᠢᠨ ᠰᠠᠭᠤᠷᠢ ᠲᠡᠭᠡᠷ᠎ᠠ᠂ ᠦᠪᠡᠷᠳᠡᠭᠡᠨ ᠵᠠᠰᠠᠬᠤ ᠤᠷᠤᠨ ᠤ ᠡᠳ᠋ ᠤᠨ ᠵᠠᠰᠠᠭ ᠤᠨ ᠪᠡᠯᠡ‌ᠮᠦ᠋ᠩᠭᠦ ᠠᠴᠠ 20% ᠪᠠᠷ ᠨᠡᠮᠡᠨ ᠨᠦᠬᠦᠪᠦᠷᠢᠯᠡᠨ᠎ᠠ︔ ᠦᠪᠡᠷᠳᠡᠭᠡᠨ ᠵᠠᠰᠠᠬᠤ  ᠤᠷᠤᠨ ᠤ  ᠡᠳ᠋ ᠤᠨ  ᠵᠠᠰᠠᠭ ᠠᠴᠠ  ᠲᠤᠰᠠᠭᠠᠷ‌ᠨᠦ᠋ᠬᠦᠪᠦᠷᠢ  ᠦᠭᠬᠦ ᠳᠤ᠂  ᠲᠡᠭᠡᠷ᠎ᠠ  ᠵᠢᠯ ᠤᠨ  ᠲᠡᠭᠰᠢᠳᠭᠡᠭᠰᠡᠨ  ᠪᠤᠷᠤᠯᠠᠭᠤᠯᠭ᠎ᠠ ᠶᠢᠨ  ᠦᠨ᠎ᠠ  ᠬᠠᠩᠰᠢ ᠶᠢᠨ  30% ᠡᠴᠠ‌‍ᠲ᠋ᠠᠪᠠᠭᠤᠯᠬᠤ ᠦᠭᠡᠢ ᠪᠠᠷ  ᠬᠡᠮᠵᠢᠨ  ᠪᠤᠳᠤᠵᠤ᠂  ᠨᠤᠷᠮᠠᠳᠤ  ᠨᠦᠬᠦᠪᠦᠷᠢ ᠶᠢ  ᠬᠡᠷᠡᠭᠵᠢᠭᠦᠯᠦᠨ᠂  ᠨᠦᠬᠦᠪᠦᠷᠢ ᠶᠢᠨ  ᠵᠤᠭᠤᠰ ‍ᠤᠨ‌‍ᠲ᠋ᠤᠭ᠎ᠠ ᠨᠢ 3 ᠲᠦᠮᠡᠨ ᠲᠦᠭᠦᠷᠢᠭ ᠠᠴᠠ ᠬᠡᠳᠦᠷᠡᠵᠦ ᠪᠤᠯᠬᠤ ᠦᠭᠡᠢ᠃              ᠲᠤᠭᠳᠠᠭᠠᠯ ᠶᠤᠰᠤᠭᠠᠷ᠂ ᠨᠢᠭᠡ ᠡᠷᠦᠭᠡ ᠬᠤᠳᠠᠯᠳᠤᠨ ᠠᠪᠤᠭᠴᠢ ᠶᠢᠨ ᠵᠢᠯ ᠤᠨ ᠲᠤᠳᠤᠷ᠎ᠠ ᠨᠦᠬᠦᠪᠦᠷᠢ ᠬᠦᠷᠳᠡᠬᠦ ᠮᠠᠰᠢᠨ‌‍ᠪᠠᠭᠠᠵᠢ ᠶᠢᠨ ᠲᠤᠭ᠎ᠠ ᠨᠢ ᠵᠠᠷᠴᠢᠮ ᠲᠡᠭᠡᠷ᠎ᠠ ᠪᠠᠨ 1 ᠢᠵᠢ ᠠᠴᠠ ᠬᠡᠳᠦᠷᠡᠵᠦ ᠪᠤᠯᠬᠤ ᠦᠭᠡᠢ᠂ ᠲᠠᠷᠤᠢ 1  ᠲᠷᠠᠺᠲ᠋ᠤᠷ  ᠡᠰᠡᠭᠦᠯ᠎ᠠ1 ᠦᠪᠡᠷ ᠢᠶᠠᠨ ᠶᠠᠪᠤᠬᠤ ᠮᠧᠬᠠᠨᠢᠭ ᠪᠤᠯᠤᠨ 3 ᠠᠵᠢᠯᠯᠠᠬᠤ ᠮᠠᠰᠢᠨ ᠪᠠᠭᠠᠵᠢ ᠠᠴᠠ  ᠬᠡᠳᠦᠷᠡᠵᠦ  ᠪᠤᠯᠬᠤ  ᠦᠭᠡᠢ᠃  ᠡᠭᠦᠨ ‍ᠤ‌‍ᠲ᠋ᠤᠳᠤᠷ᠎ᠠ ᠨᠦᠬᠦᠪᠦᠷᠢ ᠦᠭᠬᠦ ᠪᠢᠴᠢᠯ ᠭᠡᠯᠪᠡᠷᠢ ᠶᠢᠨ ᠬᠠᠭᠠᠯᠪᠤᠷᠢᠯᠠᠬᠤ ᠮᠠᠰᠢᠨ ᠤ ᠲᠤᠭ᠎ᠠ 1 ᠠᠴᠠ ᠲᠠᠪᠠᠵᠤ  ᠪᠤᠯᠬᠤ  ᠦᠭᠡᠢ︔ᠨᠦᠬᠦᠪᠦᠷᠢ ᠦᠭᠬᠦ ᠵᠦᠭᠯᠡᠭᠦᠷ ᠮᠠᠶ᠋ᠢᠭ ᠤᠨ ᠰᠦᠷᠴᠢᠨ ᠤᠰᠤᠯᠠᠬᠤ  ᠮᠠᠰᠢᠨ ᠤ  ᠲᠤᠭ᠎ᠠ  2  ᠢᠵᠢ ᠠᠴᠠ  ᠬᠡᠳᠦᠷᠡᠵᠦ  ᠪᠤᠯᠬᠤ‌ᠦᠭᠡᠢ᠂ ᠢᠵᠢ ᠪᠦᠷᠢ ᠶᠢᠨ ᠨᠦᠬᠦᠪᠦᠷᠢ ᠦᠭᠬᠦ ᠶᠡᠷᠦᠩᠬᠡᠢ ᠵᠤᠭᠤᠰ ᠤᠨ ᠲᠤᠭ᠎ᠠ ᠨᠢ 5  ᠲᠦᠮᠡᠨ  ᠲᠦᠭᠦᠷᠢᠭ ᠠᠴᠠ  ᠬᠡᠳᠦᠷᠡᠵᠦ‌‍ᠪᠤᠯᠬᠤ ᠦᠭᠡᠢ︔ ᠲᠦᠭᠦᠭᠡᠢ ᠰᠦ ᠬᠤᠳᠠᠯᠳᠤᠨ ᠠᠪᠬᠤ  ᠦᠷᠳᠡᠭᠡ ᠶᠢᠨ  ᠵᠢᠯ ᠤᠨ  ᠲᠤᠳᠤᠷ᠎ᠠ  ᠨᠦᠬᠦᠪᠦᠷᠢ  ᠬᠦᠷᠳᠡᠬᠦ  ᠲᠤᠮᠤ‌‍ᠬᠡᠯᠪᠡᠷᠢ ᠶᠢᠨ ᠰᠦ ᠰᠠᠭᠠᠬᠤ ᠮᠠᠰᠢᠨ ᠤ ᠲᠤᠭ᠎ᠠ ᠨᠢ 1 ᠠᠴᠠ ᠬᠡᠳᠦᠷᠡᠵᠦ ᠪᠤᠯᠬᠤ ᠦᠭᠡᠢ᠃  ᠮᠠᠯᠴᠢᠨ  ᠲᠠᠷᠢᠶᠠᠴᠢᠨ ᠤ  ᠲᠤᠰᠬᠠᠢ‌ᠬᠤᠷᠰᠢᠶ᠎ᠠ  ᠪᠤᠯᠤᠨ  ᠪᠤᠰᠤᠳ  ᠮᠠᠯ  ᠠᠵᠤ   ᠠᠬᠤᠢ   ᠲᠠᠷᠢᠶᠠᠯᠠᠩ ᠤᠨ   ᠦᠢᠯᠡᠳᠪᠦᠷᠢᠯᠡᠯ   ᠡᠵᠡᠩᠨᠡᠯᠳᠡ ᠶᠢᠨ   ᠵᠤᠬᠢᠶᠠᠨ‌‍ᠪᠠᠶᠢᠭᠤᠯᠤᠯᠳᠠ ᠶᠢᠨ ᠬᠤᠳᠠᠯᠳᠤᠨ ᠠᠪᠬᠤ ᠮᠠᠰᠢᠨ ᠪᠠᠭᠠᠵᠢ ᠨᠢ ᠨᠦᠬᠦᠪᠦᠷᠢ ᠦᠭᠬᠦ ᠮᠠᠰᠢᠨ  ᠪᠠᠭᠠᠵᠢ ᠶᠢᠨ  ᠲᠤᠭ᠎ᠠ  ᠬᠡᠮᠵᠢᠶᠡᠨ ‍ᠤ‌‍ᠬᠢᠵᠠᠭᠠᠷᠯᠠᠯ ᠢ ᠬᠦᠯᠢᠶᠡᠬᠦ ᠦᠭᠡᠢ᠂ ᠬᠤᠰᠢᠭᠤ ᠰᠢᠶᠠᠨ ᠤ ᠲᠠᠷᠢᠶᠠᠯᠠᠩ ᠤᠨ ᠮᠠᠰᠢᠨ ᠪᠠᠭᠠᠵᠢ ᠶᠢ ᠭᠤᠤᠯᠯᠠᠨ  ᠬᠠᠮᠢᠶᠠᠷᠬᠤ  ᠰᠠᠯᠠᠭ᠎ᠠ‌ᠮᠦ᠋ᠴᠢᠷ ᠤᠨ ᠰᠤᠳᠤᠯᠤᠯᠳᠠ ᠶᠢ ᠦᠩᠭᠡᠷᠡᠭᠦᠯᠵᠦ᠂ ᠬᠤᠰᠢᠭᠤ ᠰᠢᠶᠠᠨ ᠤ ᠲᠠᠷᠢᠶᠠᠯᠠᠩ ᠤᠨ ᠮᠠᠰᠢᠨ ᠪᠠᠭᠠᠵᠢ  ᠬᠤᠳᠠᠯᠳᠤᠨ  ᠠᠪᠬᠤ‌ᠨᠦ᠋ᠬᠦᠪᠦᠷᠢ ᠶᠢᠨ ᠠᠵᠢᠯ ᠤᠨ ᠤᠳᠤᠷᠢᠳᠬᠤ ᠪᠠᠭ᠎ᠠ ᠲᠤᠭᠤᠢᠢᠯᠠᠩ ᠳᠤ ᠪᠢᠴᠢᠭ ᠤᠨ ᠬᠡᠯᠪᠡᠷᠢ ᠪᠠᠷ ᠲᠠᠩᠰᠠᠯᠠᠭᠤᠯᠵᠤ ᠪᠤᠯᠤᠨ᠎ᠠ᠃              ᠬᠤᠳᠠᠯᠳᠤᠨ ᠠᠪᠤᠭᠴᠢ ᠨᠢ ᠲᠤᠰ ᠭᠠᠵᠠᠷ ᠤᠷᠤᠨ ᠤ ᠪᠠᠨ ᠨᠦᠬᠦᠪᠦᠷᠢ ᠦᠭᠬᠦ  ᠪᠡᠯᠡ  ᠮᠦᠩᠭᠦ  ᠵᠢᠴᠢ  ᠦᠯᠡᠳᠡᠪᠤᠷᠢ‌ᠮᠦ᠋ᠩᠭᠦ ᠶᠢ ᠪᠠᠶᠢᠴᠠᠭᠠᠨ ᠯᠠᠪᠯᠠᠬᠤ ᠠᠷᠭ᠎ᠠ ᠮᠠᠶ᠋ᠢᠭ ᠢ ᠦᠨᠳᠦᠰᠦᠯᠡᠨ᠂ ᠲᠠᠷᠢᠶᠠᠯᠠᠩ ᠤᠨ  ᠮᠠᠰᠢᠨ  ᠪᠠᠭᠠᠵᠢ  ᠬᠤᠳᠠᠯᠳᠤᠨ  ᠠᠪᠬᠤ‌‍ᠲ᠋ᠤᠰᠠᠯᠠᠬᠤ ᠬᠠᠮᠢᠶᠠᠷᠤᠯᠳᠠ ᠶᠢᠨ ᠰᠢᠰᠲ᠋ᠧᠮ ᠤᠨ ᠲᠦᠷᠦᠭᠦᠦ ᠨᠢᠭᠤᠷ ᠲᠤ ᠡᠳᠦᠷ ᠪᠦᠷᠢ  ᠨᠢᠭᠡ  ᠤᠳᠠᠭ᠎ᠠ  ᠨᠡᠶᠢᠳᠡᠯᠡᠵᠦ  ᠪᠠᠶᠢᠭ᠎ᠠ‌ᠬᠤᠰᠢᠭᠤ ᠰᠢᠶᠠᠨ ︵ᠲᠠᠯᠠᠪᠠᠢ︶ ᠤ ᠨᠦᠬᠦᠪᠦᠷᠢ ᠦᠭᠬᠦ ᠪᠡᠯᠡ ᠮᠦᠩᠭᠦ ᠶᠢᠨ ᠬᠡᠷᠡᠭᠯᠡᠭᠡᠨ ᠵᠢᠴᠢ  ᠦᠯᠡᠳᠡᠪᠤᠷᠢ  ᠪᠡᠯᠡ  ᠮᠦᠩᠬᠦ ᠵᠢᠨ‌ᠮᠡᠳᠡᠭᠡ ᠵᠠᠩᠭᠢ ᠠᠴᠠ ᠤᠢᠢᠯᠠᠭᠠᠵᠤ᠂ ᠨᠦᠬᠦᠪᠦᠷᠢ ᠮᠦᠩᠭᠦ ᠡᠷᠡᠮᠡᠯᠵᠡᠯᠡᠬᠦ ᠳᠡᠭᠡᠨ ᠯᠠᠪᠯᠠᠯᠳᠠ ᠪᠤᠯᠭᠠᠵᠤ ᠪᠤᠯᠤᠨ᠎ᠠ᠃              2019 ᠤᠨ ᠤ ᠪᠦᠬᠦ ᠵᠢᠯ ᠢᠶᠠᠷ 3 ᠪᠦᠯᠦᠭ ᠲᠡᠰ ᠬᠤᠪᠢᠶᠠᠵᠤ ᠲᠠᠩᠰᠠᠯᠠᠨ᠎ᠠ᠂ ᠨᠢᠭᠡᠳᠦᠭᠡᠷ ᠪᠦᠯᠦᠭ ᠨᠢ  2019ᠤᠨ ᠤ 4 ᠰᠠᠷ᠎ᠠ ᠶᠢᠨ 5 ᠤ ᠡᠳᠦᠷ ᠠᠴᠠ 4  ᠰᠠᠷ᠎ᠠ ᠶᠢᠨ  17 ᠤ  ᠡᠳᠦᠷ ᠤᠨ  17᠄  30  ᠪᠤᠯᠳᠠᠯ᠎ᠠ᠂  ᠬᠤᠶᠠᠳᠤᠭᠠᠷ‌‍ᠪᠦ᠋ᠯᠦᠭ ᠨᠢ 2019 ᠤᠨ ᠤ 7 ᠰᠠᠷ᠎ᠠ ᠶᠢᠨ 8 ᠤ ᠡᠳᠦᠷ ᠠᠴᠠ 7 ᠰᠠᠷ᠎ᠠ ᠶᠢᠨ 19 ᠤ ᠡᠳᠦᠷ ᠤᠨ 17᠄ 30 ᠪᠤᠯᠳᠠᠯ᠎ᠠ᠂ᠭᠤᠷᠪᠠᠳᠤᠭᠠᠷ  ᠪᠦᠯᠦᠭ ᠨᠢ  ᠪᠦᠬᠦ  ᠴᠠᠭ ᠢᠶᠠᠷ  ᠨᠡᠭᠡᠭᠡᠯᠳᠡ ᠲᠠᠢ  ᠪᠠᠶᠢᠵᠤ᠂  ᠲᠠᠷᠤᠢ  ᠬᠤᠶᠠᠳᠤᠭᠠᠷ  ᠪᠦᠯᠦᠭ  ᠲᠠᠩᠰᠠᠯᠠᠭᠰᠠᠨ‌‍ᠪᠦ᠋ᠳᠦᠭᠡᠭᠳᠡᠭᠦᠨ ᠢ ᠵᠠᠷᠯᠠᠨ ᠨᠡᠶᠢᠳᠡᠯᠡᠵᠦ ᠲᠠᠭᠤᠰᠤᠭᠰᠠᠨ ᠤ ᠲᠠᠷᠠᠭ᠎ᠠ ᠡᠳᠦᠷ ᠠᠴᠠ ᠨᠢ 9 ᠰᠠᠷ᠎ᠠ ᠶᠢᠨ 1 ᠤ  ᠡᠳᠦᠷ ᠤᠨ  17᠄30 ᠪᠤᠯᠳᠠᠯ᠎ᠠ ᠶᠠᠪᠤᠭᠳᠠᠨ᠎ᠠ᠃
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000611号-1号