ᠦᠪᠦᠷ ᠮᠤᠩᠭᠤᠯ᠄ ᠬᠦᠲᠡᠭᠡ ᠨᠤᠲᠤᠭ ᠤᠨ ᠠᠶᠠᠯᠠᠯ ᠵᠢᠭᠤᠯᠴᠢᠯᠠᠯ ᠢᠲᠡ ᠲᠠᠢ ᠬᠦᠭᠵᠢᠵᠦ ᠪᠤᠢ
ᠨᠡᠶᠢᠲᠡᠯᠡᠭᠰᠡᠨ ᠴᠠᠭ᠄
2019/5/6
      ᠰᠢᠨᠬᠤᠧᠠ ᠬᠤᠷᠢᠶ᠎ᠠ ᠬᠦᠬᠡᠬᠤᠲᠠ ᠶᠢᠨ 5 ᠰᠠᠷ᠎ᠠ ᠶᠢᠨ 5 ᠤ ᠡᠲᠦᠷ ᠤᠨ ᠴᠠᠬᠢᠯᠭᠠᠨ ᠮᠡᠲᠡᠭᠡ ︵ᠰᠤᠷᠪᠤᠯᠵᠢᠯᠠᠭᠴᠢ ᠯᠢ ᠶᠦᠨ ᠫᠢᠩ︶ ᠠᠶᠠᠯᠠᠯ ᠵᠢᠭᠤᠯᠴᠢᠯᠠᠯ ᠤᠨ ᠬᠦᠭᠵᠢᠯ ᠲᠠᠢ ᠤᠯᠠᠷᠢᠯ ᠢᠷᠡᠬᠦ ᠪᠠᠷ ᠦᠪᠦᠷ ᠮᠤᠩᠭᠤᠯ ᠤᠨ ᠬᠦᠲᠡᠭᠡ ᠨᠤᠲᠤᠭ ᠤᠨ ᠠᠶᠠᠯᠠᠯ ᠵᠢᠭᠤᠯᠴᠢᠯᠠᠯ ᠨᠢ ᠬᠤᠲᠠ ᠶᠢᠨ ᠬᠦᠮᠦᠰ ᠪᠤᠯᠤᠨ ᠵᠢᠭᠤᠯᠴᠢᠯᠠᠭᠴᠢᠳ ᠤᠨ ᠠᠩᠬᠠᠷᠤᠯ ᠢ ᠲᠠᠲᠠᠵᠤ ᠢᠲᠡ ᠲᠠᠢ ᠬᠦᠭᠵᠢᠵᠦ ᠪᠤᠢ᠃     ᠣᠶᠢᠷ᠎ᠠ ᠶᠢᠨ ᠡᠲᠦᠷ ᠠᠴᠠ ᠨᠠᠭᠠᠰᠢ ᠪᠤᠭᠤᠲᠤ ᠬᠤᠲᠠ ᠶᠢᠨ ᠲᠤᠯᠤᠭᠠᠨ ᠦᠩᠭᠡᠲᠦ ᠦᠵᠡᠮᠦᠷᠢ ᠶᠢᠨ ᠪᠦᠰᠡ ᠶᠢᠨ 500 ᠭᠠᠷᠤᠢ ᠲᠦᠮᠡᠡ ᠠᠯᠲᠠᠨᠵᠤᠯᠠ ᠴᠡᠴᠡᠭ ᠦᠩᠭᠡ ᠢᠯᠭᠠᠷᠠᠨ ᠲᠡᠯᠭᠡᠷᠡᠵᠦ ᠵᠢᠭᠤᠯᠴᠢᠯᠠᠭᠴᠢᠳ ᠤᠨ ᠠᠩᠬᠠᠷᠤᠯ ᠢ ᠲᠠᠲᠠᠨ᠎ᠠ︔ ᠪᠠᠶᠠᠨᠨᠠᠭᠤᠷ ᠬᠤᠲᠠ ᠶᠢᠨ ᠯᠢᠨ ᠡᠾᠧ ᠲᠤᠭᠤᠷᠢᠭ᠂ ᠬᠠᠩᠬᠢᠨ ᠬᠤᠢᠲᠤ ᠬᠤᠰᠢᠭᠤ ᠶᠢᠨ ᠲᠦᠮᠡᠨ ᠮᠦ ᠠᠯᠢᠮ᠎ᠠ ᠶᠢᠨ ᠴᠡᠴᠡᠭ ᠲᠡᠯᠭᠡᠷᠡᠨ᠎ᠡ ᠁ ᠬᠦᠬᠡᠬᠤᠲᠠ ᠶᠢᠨ ᠡᠮᠦᠨ᠎ᠡ ᠠᠭᠤᠯᠠ ᠶᠢᠨ ᠴᠡᠴᠡᠷᠯᠢᠭ ᠤᠨ ᠭᠤᠤᠯᠲᠤ ᠪᠤᠷᠤ ᠶᠢᠨ ᠴᠡᠴᠡᠭ ᠵᠡᠷᠭᠡ ᠤᠯᠠᠨ ᠲᠦᠷᠦᠯ ᠤᠨ ᠴᠡᠴᠡᠭ ᠦᠩᠭᠡ ᠢᠯᠭᠠᠷᠠᠨ ᠲᠡᠯᠭᠡᠷᠡᠪᠡ᠃    ᠲᠠᠨᠢᠯᠴᠠᠭᠤᠯᠤᠭᠰᠠᠨ ᠢᠶᠠᠷ᠂ ᠠᠯᠢᠮ᠎ᠠ ᠶᠢᠨ ᠴᠡᠴᠡᠭ᠂ ᠲᠤᠭᠤᠷ ᠤᠨ ᠴᠡᠴᠡᠭ᠂ ᠭᠦᠢᠯᠡᠰᠦᠨ ᠴᠡᠴᠡᠭ᠂ ᠬᠢᠩᠭᠠᠨ ᠤ ᠬᠤᠷᠴᠠ ᠤᠯᠠᠭᠠᠨ ᠴᠡᠴᠡᠭ ᠵᠡᠷᠭᠡ ᠲᠡᠯᠭᠡᠷᠡᠬᠦ ᠪᠠᠷ ᠦᠪᠦᠷ ᠮᠤᠩᠭᠤᠯ ᠤᠨ ᠡᠯ᠎ᠡ ᠭᠠᠵᠠᠷ ᠤᠨ ᠬᠢᠨ ᠬᠤᠧᠠᠷ ᠴᠡᠴᠡᠭ ᠤᠨ ᠠᠶᠠᠯᠠᠯ ᠵᠢᠭᠤᠯᠴᠢᠯᠠᠯ ᠤᠨ ᠠᠵᠢᠯᠯᠠᠭ᠎ᠠ ᠵᠤᠬᠢᠶᠠᠨ ᠪᠠᠢᠭᠤᠯᠵᠤ ᠵᠢᠭᠤᠯᠴᠢᠯᠠᠭᠴᠢᠳ ᠤᠨ ᠠᠩᠬᠠᠷᠤᠯ ᠢ ᠲᠠᠲᠠᠵᠤ ᠪᠠᠢᠨ᠎ᠠ᠃ ᠮᠦᠨ ᠡᠭᠦᠨ ᠠᠴᠠ ᠭᠠᠲᠠᠨ᠎ᠠ ᠪᠠᠢᠭᠠᠯᠢ ᠶᠢᠨ ᠦᠩᠭᠡ ᠦᠵᠡᠮᠵᠢ ᠰᠤᠨᠢᠷᠬᠠᠵᠤ᠂ ᠬᠦᠲᠡᠭᠡ ᠤᠷᠤᠨ ᠨᠤᠲᠤᠭ ᠤᠨ ᠠᠮᠢᠲᠤᠷᠠᠯ ᠢ ᠪᠡᠶᠡᠴᠢᠯᠡᠨ ᠤᠢᠯᠠᠭᠠᠬᠤ ᠵᠡᠷᠭᠡ ᠠᠭᠤᠯᠭ᠎ᠠ ᠪᠦᠬᠦᠢ ᠠᠵᠢᠯᠯᠠᠭ᠎ᠠ ᠲᠤᠬᠢᠷᠠᠭᠤᠯᠤᠭᠰᠠᠨ ᠢᠶᠠᠷ ᠤᠯᠠᠨ ᠬᠦᠮᠦᠰ ᠤᠨ ᠰᠤᠨᠢᠷᠬᠠᠯ ᠢ ᠲᠠᠲᠠᠵᠤ ᠪᠠᠢᠨ᠎ᠠ᠃    ᠪᠦᠷᠢᠳᠭᠡᠭᠰᠡᠨ ᠢᠶᠠᠷ᠂ ︽ᠲᠠᠪᠤᠨ ᠰᠠᠷ᠎ᠠ ᠶᠢᠨ ᠨᠢᠭᠡᠨ︾ ᠤ ᠠᠮᠠᠷᠠᠯᠲᠠ ᠶᠢᠨ ᠬᠤᠭᠤᠴᠠᠭᠠᠨ ᠳᠤ ᠦᠪᠦᠷ ᠮᠤᠩᠭᠤᠯ ᠲᠠᠪᠬᠤᠷᠲᠠᠭᠰᠠᠨ ᠲᠤᠭ᠎ᠠ ᠪᠠᠷ 1035.28 ᠵᠢᠭᠤᠯᠴᠢᠯᠠᠭᠴᠢ ᠶᠢ ᠬᠦᠯᠢᠶᠠᠨ ᠵᠤᠴᠢᠯᠠᠵᠤ ᠠᠳᠠᠯᠢ ᠬᠤᠭᠤᠴᠠᠭᠠᠨ ᠤ ᠬᠢ ᠠᠴᠠ 60.95% ᠪᠠᠷ ᠨᠡᠮᠡᠭᠲᠡᠪᠡ᠃ ᠤᠲᠤᠬᠠᠨ ᠳᠤ ᠦᠪᠦᠷ ᠮᠤᠩᠭᠤᠯ ᠬᠦᠲᠡᠭᠡ ᠲᠤᠰᠬᠤᠨ ᠤ ᠪᠠᠢᠭᠠᠯᠢ ᠤᠷᠴᠢᠨ ᠤ ᠠᠶᠠᠯᠠᠯ ᠵᠢᠭᠤᠯᠴᠢᠯᠠᠯ ᠪᠤᠯᠤᠨ ᠰᠡᠯᠡᠭᠦᠴᠡᠨ ᠵᠤᠭᠠᠴᠠᠬᠤ ᠶᠢ ᠤᠶᠠᠯᠲᠤᠭᠤᠯᠤᠨ ᠴᠤᠪᠤᠷᠠᠯ ᠠᠶᠠᠯᠠᠯ ᠵᠢᠭᠤᠯᠴᠢᠯᠠᠯ ᠤᠨ ᠠᠷᠭ᠎ᠠ ᠬᠡᠮᠵᠢᠶ᠎ᠠ ᠵᠤᠬᠢᠶᠠᠨ ᠪᠠᠢᠭᠤᠯᠬᠤ ᠶᠢᠨ ᠬᠠᠮᠲᠤ ᠲᠤᠬᠠᠢ ᠶᠢᠨ ᠤᠷᠤᠨ ᠤ ᠢᠷᠭᠡᠳ ᠤᠨ ᠵᠠᠩ ᠠᠭᠠᠯᠢ᠂ ᠰᠤᠶᠤᠯ ᠲᠠᠢ ᠲᠠᠨᠢᠯᠴᠠᠬᠤ ᠵᠡᠷᠭᠡ ᠠᠭᠤᠯᠭ᠎ᠠ ᠲᠤᠬᠢᠷᠠᠭᠤᠯᠤᠭᠰᠠᠨ ᠪᠠᠢᠨ᠎ᠠ᠃
 
ᠢᠷᠡᠯᠲᠡ᠄ ᠰᠢᠨᠬᠤᠧᠠ ᠮᠤᠩᠭᠤᠯ ᠨᠧᠲ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000611号-1号