ᠬᠦᠨ ᠵᠤᠵᠠᠭᠠᠨ ᠬᠠᠶᠢᠷ᠎ᠠ ᠬᠠᠯᠠᠮᠵᠢ ᠶᠢ ᠤᠷᠤᠭᠰᠢᠯᠠᠯᠳᠠ ᠶᠢᠨ ᠬᠦᠳᠡᠯᠬᠡᠬᠦ ᠬᠦᠴᠦᠨ ᠪᠤᠯᠭᠠᠰᠤᠭᠠᠢ
ᠨᠡᠶᠢᠲᠡᠯᠡᠭᠰᠡᠨ ᠴᠠᠭ᠄
2020-05-25
      — ᠶᠡᠷᠤᠩᠬᠡᠢ ᠱᠦᠵᠢ ᠰᠢ ᠶᠢᠨ ᠫᠢᠩ ᠤᠨ ᠦᠪᠤᠷ ᠮᠤᠩᠭᠤᠯ ᠤᠨ ᠲᠦᠯᠥᠬᠡᠯᠡᠭᠴᠢᠳ ᠤᠨ ᠪᠦᠯᠬᠦᠮ ᠤᠨ ᠬᠢᠨᠠᠨ ᠵᠦᠪᠯᠡᠬᠦ ᠳᠤ ᠤᠷᠤᠯᠴᠠᠬᠤ ᠦᠶ᠎ᠡ ᠶᠢᠨ ᠴᠢᠬᠤᠯᠠ ᠶᠠᠷᠢᠶᠠᠨ ᠤ ᠵᠤᠷᠢᠭ ᠰᠠᠨᠠᠭ᠎ᠠ ᠶᠢ ᠨᠠᠷᠢᠨ ᠬᠢᠨᠠᠮᠠᠭᠠᠢ ᠰᠤᠷᠤᠯᠴᠡᠨ ᠲᠤᠭᠤᠰᠢᠯᠠᠭᠤᠯᠵᠤ ᠨᠠᠶᠢᠳᠠᠪᠤᠷᠢᠵᠢᠭᠤᠯᠬᠤ ᠲᠤᠬᠠᠢ ᠨᠢᠬᠡᠨᠳᠡ ᠦᠬᠦᠯᠡᠬᠦ ᠨᠢ      5 ᠰᠠᠷ᠎ᠠ ᠶᠢᠨ 22 ᠤᠨ ᠦᠳᠡ ᠶᠢᠨ ᠬᠤᠶᠢᠨ᠎ᠡ᠂ ᠶᠡᠷᠤᠩᠬᠡᠢ ᠱᠦᠵᠢ ᠰᠢ ᠶᠢᠨ ᠫᠢᠩ ᠠᠷᠪᠠᠨ ᠭᠤᠷᠪᠠᠳᠤᠭᠠᠷ ᠬᠤᠭᠤᠴᠠᠭᠠᠨ ᠤ ᠪᠦᠬᠦ ᠤᠯᠤᠰ ᠤᠨ ᠠᠷᠠᠳ ᠤᠨ ᠲᠦᠯᠥᠬᠡᠯᠡᠭᠴᠢᠳ ᠤᠨ ᠶᠡᠭᠡ ᠬᠤᠷᠡᠯ ᠤᠨ ᠭᠤᠷᠪᠠᠳᠤᠭᠠᠷ ᠬᠤᠷᠠᠯ ᠤᠨ ᠦᠪᠤᠷ ᠮᠤᠩᠭᠤᠯ ᠤᠨ ᠲᠦᠯᠥᠬᠡᠯᠡᠭᠴᠢᠳ ᠤᠨ ᠪᠦᠯᠬᠦᠮ ᠤᠨ ᠬᠢᠨᠠᠨ ᠵᠦᠪᠯᠡᠬᠦ ᠳᠤ ᠤᠷᠤᠯᠴᠠᠬᠰᠠᠠ ᠪᠦᠬᠡᠳ ᠴᠢᠬᠤᠯᠠ ᠶᠠᠷᠢᠶ᠎ᠠ ᠲᠠᠯᠪᠢᠪᠠ᠃ ᠡᠨᠡ ᠪᠤᠯ ᠶᠡᠷᠤᠩᠬᠡᠢ ᠱᠦᠵᠢ ᠰᠢ ᠶᠢᠨ ᠫᠢᠩ ᠭᠤᠷᠪᠠᠳᠠᠬᠢ ᠤᠳᠠᠭ᠎ᠠ ᠦᠪᠤᠷ ᠮᠤᠩᠭᠤᠯ ᠤᠨ ᠲᠦᠯᠥᠬᠡᠯᠡᠭᠴᠢᠳ ᠤᠨ ᠪᠦᠯᠬᠦᠮ ᠤᠨ ᠬᠢᠨᠠᠨ ᠵᠦᠪᠯᠡᠬᠦ ᠳᠤ ᠤᠷᠤᠯᠴᠠᠵᠥ᠂ ᠦᠪᠤᠷ ᠮᠤᠩᠭᠤᠯ ᠤᠨ ᠠᠵᠥ ᠠᠬᠤᠢ ᠨᠡᠶᠢᠬᠡᠮ ᠤᠨ ᠬᠦᠭᠵᠢᠯᠳᠡ ᠳᠤ ᠬᠦᠴᠦᠨ ᠨᠡᠮᠡᠷᠢᠯᠡᠵᠤ ᠠᠷᠭ᠎ᠠ ᠤᠬᠠᠭᠠᠨ ᠭᠠᠷᠭᠠᠨ ᠥᠭᠴᠦ ᠪᠠᠶᠢᠭ᠎ᠠ ᠶᠤᠮ᠃ ᠶᠡᠷᠤᠩᠬᠡᠢ ᠱᠦᠵᠢ ᠶᠢᠨ ᠬᠦᠨ ᠵᠤᠵᠠᠭᠠᠨ ᠬᠠᠶᠢᠷ᠎ᠠ ᠬᠠᠯᠠᠮᠵᠢ ᠨᠢ ᠪᠦᠬᠦ ᠤᠷᠤᠨ ᠤ ᠦᠨᠳᠦᠰᠦᠳᠡᠨ ᠨᠦᠭᠦᠳ ᠤᠨ ᠠᠷᠠᠳ ᠲᠦᠮᠡᠨ ᠤ ᠴᠤᠴᠠᠯᠳᠠ ᠦᠬᠡᠢ ᠤᠷᠤᠭᠰᠢᠯᠠᠬᠤ ᠲᠡᠮᠡᠴᠡᠯ ᠤᠨ ᠤᠷᠬᠢᠯᠤᠮ᠎ᠠ ᠰᠡᠳᠬᠢᠯᠬᠡ ᠶᠢ ᠲᠠᠬᠢᠨᠳᠠ ᠬᠦᠭᠵᠢᠬᠡᠪᠠ᠃      ᠴᠠᠭ ᠮᠦᠴᠠ ᠶᠢᠨ ᠦᠩᠬᠡᠷᠡᠬᠦ ᠨᠢ ᠤᠷᠤᠰᠬᠠᠯ ᠤᠰᠤᠨ ᠮᠡᠳᠤ ᠲᠦᠷᠬᠡᠨ ᠪᠤᠯᠪᠠᠴᠦ ᠬᠦᠨ ᠵᠤᠵᠠᠭᠠᠨ ᠬᠠᠶᠢᠷ᠎ᠠ ᠬᠠᠯᠠᠮᠵᠢ ᠶᠡᠷᠤ ᠨᠢ ᠬᠤᠪᠢᠷᠠᠬᠰᠠᠠ ᠦᠬᠡᠢ᠃ ᠨᠠᠮ ᠤᠨ ᠠᠷᠪᠠᠨ ᠨᠠᠢᠮᠠᠳᠤᠭᠠᠷ ᠶᠡᠭᠡ ᠬᠤᠷᠡᠯ ᠠᠴᠠ ᠨᠠᠭᠠᠰᠢ᠂ ᠶᠡᠷᠤᠩᠬᠡᠢ ᠱᠦᠵᠢ ᠰᠢ ᠶᠢᠨ ᠫᠢᠩ ᠦᠪᠤᠷ ᠮᠤᠩᠭᠤᠯ ᠤᠨ ᠦᠨᠳᠦᠰᠦᠳᠡᠨ ᠨᠦᠭᠦᠳ ᠤᠨ ᠠᠷᠠᠳ ᠲᠦᠮᠡᠨ ᠢ ᠢᠮᠠᠬᠳᠠ ᠰᠡᠳᠬᠢᠯ ᠳᠡᠭᠡᠨ ᠪᠤᠳᠤᠵᠥ᠂ ᠦᠪᠡᠷᠳᠡᠭᠡᠨ ᠵᠠᠰᠠᠬᠤ ᠤᠷᠤᠨ ᠤ ᠡᠯ᠎ᠡ ᠵᠦᠢᠯ ᠤᠨ ᠠᠵᠢᠯ ᠦᠢᠯᠡᠰ ᠤᠨ ᠬᠦᠭᠵᠢᠯᠳᠡ ᠶᠢ ᠲᠡᠬᠡᠳᠤ ᠬᠡᠮᠵᠢᠶ᠎ᠡ ᠪᠠᠷ ᠴᠢᠬᠤᠯᠠᠴᠢᠯᠠᠨ᠂ ᠤᠷᠢᠳ ᠬᠤᠵᠢᠳ 2 ᠤᠳᠠᠭ᠎ᠠ ᠦᠪᠤᠷ ᠮᠤᠩᠭᠤᠯ ᠳᠤ ᠰᠢᠨᠵᠢᠯᠡᠡ ᠪᠠᠶᠢᠴᠠᠭᠠᠵᠤ ᠠᠵᠢᠯ ᠵᠢᠯᠤᠭᠤᠳᠴᠦ᠂ ᠦᠪᠤᠷ ᠮᠤᠩᠭᠤᠯ ᠤᠨ ᠲᠦᠯᠦᠭᠡᠯᠡᠭᠴᠢᠳ ᠤᠨ ᠪᠦᠯᠬᠦᠮ ᠤᠨ ᠬᠢᠨᠠᠨ ᠵᠦᠪᠯᠡᠬᠦ ᠳᠤ 3 ᠤᠳᠠᠭ᠎ᠠ ᠤᠷᠤᠯᠴᠠᠵᠤ᠂ ᠮᠠᠨ ᠤ ᠤᠷᠤᠨ ᠤ ᠪᠦᠬᠦ ᠲᠠᠯ᠎ᠡ ᠪᠠ ᠠᠯᠤᠰ ᠭᠡᠳᠤ ᠶᠢᠨ ᠬᠦᠭᠵᠢᠯᠳᠠ ᠳᠤ ᠬᠤᠯᠪᠤᠬᠳᠠᠬᠤ ᠴᠢᠬᠤᠯᠠ ᠠᠵᠢᠯ ᠤᠨ ᠲᠤᠬᠠᠢ ᠤᠯᠡᠨ ᠤᠳᠠᠭ᠎ᠠ ᠵᠢᠭᠠᠪᠤᠷᠢ ᠴᠤᠬᠤᠯᠠᠪᠤᠷᠢ ᠦᠭᠴᠠᠢ᠃ ᠦᠪᠤᠷ ᠮᠤᠩᠭᠤᠯ ᠤᠨ ᠠᠯᠬᠤᠮ ᠪᠦᠷᠢ ᠶᠢᠨ ᠬᠦᠭᠵᠢᠯᠳᠠ᠂ ᠠᠯᠬᠤᠮ ᠪᠦᠷᠢ ᠶᠢᠨ ᠲᠠᠪᠰᠢᠯᠳᠠ ᠳᠤ ᠴᠦᠮ ᠶᠡᠷᠤᠩᠭᠡᠢ ᠱᠦᠵᠢ ᠶᠢᠨ ᠬᠠᠶᠢᠷ᠎ᠡ ᠬᠠᠯᠠᠮᠵᠢ ᠠᠭᠤᠰᠤᠨ ᠶᠡᠷᠤᠩᠭᠡᠢ ᠱᠦᠵᠢ ᠶᠢᠨ ᠤᠬᠠᠭᠠᠨ ᠲᠠᠮᠢᠷ ᠰᠢᠩᠭᠡᠭᠰᠡᠨ ᠬᠡᠵᠤ ᠬᠡᠯᠡᠵᠤ ᠪᠤᠯᠬᠤ ᠶᠤᠮ᠃ ᠶᠡᠷᠤᠩᠭᠡᠢ ᠱᠦᠵᠢ ᠶᠢᠨ ᠬᠦᠨ ᠵᠤᠵᠠᠭᠠᠨ ᠬᠠᠶᠢᠷ᠎ᠡ ᠬᠠᠯᠠᠮᠵᠢ ᠶᠢ ᠦᠨᠡᠨ ᠰᠡᠳᠬᠢᠯ ᠠᠴᠠ ᠪᠠᠨ ᠤᠬᠠᠭᠠᠷᠠᠨ ᠮᠡᠳᠡᠷᠡᠵᠤ᠂ ᠶᠡᠷᠤᠩᠭᠡᠢ ᠱᠦᠵᠢ ᠰᠢ ᠶᠢᠨ ᠫᠢᠩ ᠤᠨ ᠴᠢᠬᠤᠯᠠ ᠶᠠᠷᠢᠶᠠᠨ ᠤ ᠵᠤᠷᠢᠭ ᠰᠠᠨᠠᠭ᠎ᠠ ᠶᠢ ᠦᠪᠤᠷ ᠮᠤᠩᠭᠤᠯ ᠤᠨ ᠡᠭᠡ ᠭᠠᠵᠠᠷ ᠲᠤ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠦᠷ᠎ᠡ ᠪᠦᠳᠦᠮᠵᠢ ᠭᠠᠷᠭᠠᠬᠤ ᠶᠢ ᠪᠦᠬᠦ ᠬᠦᠴᠤᠨ ᠢᠶᠠᠷ ᠢᠶᠠᠨ ᠠᠬᠢᠭᠤᠯᠪᠡᠯ ᠰᠠᠶᠢ ᠡᠷᠡᠮᠡᠭᠡᠶᠢᠯᠡᠨ ᠤᠷᠤᠬᠰᠢᠯᠠᠬᠤ ᠰᠦᠷ ᠲᠠᠯᠠᠶᠢᠴᠠᠳᠠᠢ ᠬᠦᠴᠤᠨ ᠴᠢᠳᠠᠯ ᠢ ᠨᠢᠬᠳᠠᠷᠠᠭᠤᠯᠵᠤ᠂ ᠮᠠᠨ ᠤ ᠤᠷᠤᠨ ᠤ ᠡᠯ᠎ᠡ ᠠᠵᠢᠯ ᠦᠢᠯᠡᠰ ᠤᠨ ᠬᠦᠭᠵᠢᠯᠳᠠ ᠶᠢᠨ ᠰᠢᠨ᠎ᠡ ᠪᠠᠶᠢᠳᠠᠯ ᠢ ᠲᠠᠰᠤᠷᠠᠯᠳᠠ ᠦᠭᠡᠢ ᠡᠬᠦᠳᠴᠦ ᠴᠢᠳᠠᠨ᠎ᠡ᠃      ︽ᠠᠷᠠᠳ ᠲᠦᠮᠡᠨ ᠢ ᠲᠡᠭᠡᠳᠦᠯᠡᠨ ᠠᠮᠢ ᠨᠠᠰᠤ ᠶᠢ ᠲᠡᠭᠡᠳᠦᠯᠡᠵᠤ᠂ ᠠᠷᠠᠳ ᠲᠦᠮᠡᠨ ᠤ ᠠᠮᠢ ᠨᠠᠰᠤᠨ ᠤ ᠠᠮᠤᠷ ᠲᠦᠪᠰᠢᠨ ᠪᠠ ᠪᠡᠶ᠎ᠡ ᠮᠠᠬᠠᠪᠤᠳ ᠤᠨ ᠡᠷᠡᠬᠦᠯ ᠮᠠᠨᠳᠤ ᠶᠢ ᠬᠠᠮᠠᠭᠠᠯᠬᠠᠤ ᠳᠤ ᠶᠠᠮᠠᠷᠪᠡ ᠦᠷᠡᠭᠳᠡᠯ ᠭᠠᠷᠭᠠᠬᠤ ᠠᠴᠠ ᠴᠦ ᠪᠤᠴᠠᠬᠰᠠᠨ ᠦᠭᠡᠢ︾᠂ ︽ᠪᠢᠳᠠ ᠠᠵᠤ ᠠᠬᠤᠢ ᠨᠡᠶᠢᠭᠡᠮ ᠤᠨ ᠬᠦᠭᠵᠢᠯᠳᠠ ᠶᠢ ᠠᠬᠢᠭᠤᠯᠵᠤ ᠪᠠᠶᠢᠬᠤ ᠨᠢ ᠡᠴᠤᠰ ᠤᠨ ᠡᠴᠤᠰ ᠲᠡᠭᠡᠨ ᠠᠷᠡᠤᠨ ᠤᠯᠠᠨ ᠤ ᠰᠠᠶᠢᠨ ᠰᠠᠶᠢᠬᠠᠨ ᠠᠮᠢᠳᠤᠷᠠᠯ ᠤᠨ ᠭᠡᠷᠡᠭᠴᠡᠭᠡ ᠶᠢ ᠲᠠᠰᠤᠷᠠᠯᠳᠠ ᠦᠭᠡᠢ ᠬᠠᠨᠭ᠍ᠭᠠᠬᠤ ᠶᠢᠨ ᠲᠦᠯᠦᠭᠡ ᠶᠤᠮ︾ ᠁ ︽ᠠᠷᠠᠳ ᠲᠦᠮᠡᠨ︾ ᠪᠤᠯ ᠶᠡᠷᠤᠩᠭᠡᠢ ᠱᠦᠵᠢ ᠰᠢ ᠶᠢᠨ ᠫᠢᠩ ᠤᠨ ᠦᠪᠤᠷ ᠮᠤᠩᠭᠤᠯ ᠤᠨ ᠲᠦᠯᠦᠭᠡᠯᠡᠭᠴᠢᠳ ᠤᠨ ᠪᠦᠯᠬᠦᠮ ᠳᠤ ᠶᠠᠷᠢᠭᠰᠠᠨ ᠴᠢᠬᠤᠯᠠ ᠶᠠᠷᠢᠶ᠎ᠡ ᠶᠢᠨ ᠵᠠᠩᠭᠢᠯᠠᠭ᠎ᠠ ᠶᠢᠨ ᠦᠭᠡ ᠪᠤᠯᠤᠨ᠎ᠡ᠃ ᠠᠷᠠᠳ ᠤᠨ ᠲᠦᠯᠦᠭᠡ ᠭᠡᠬᠦ ᠰᠡᠳᠭᠢᠯ ᠪᠠᠶᠢᠮᠠᠨᠵᠢᠨ ᠰᠠᠶ᠋ᠢ ᠠᠷᠠᠳ ᠤᠨ ᠲᠦᠯᠦᠭᠡ ᠠᠵᠢᠯ ᠬᠢᠵᠤ ᠴᠢᠳᠠᠨ᠎ᠠ᠃ ᠰᠢ ᠶᠢᠨ ᠫᠢᠩ ᠤᠨ ᠦᠪᠦᠷ ᠮᠤᠩᠭᠤᠯ ᠤᠨ ᠲᠦᠯᠦᠭᠡᠯᠡᠭᠴᠢᠳ ᠤᠨ ᠪᠦᠯᠬᠦᠮ ᠤᠨ ᠬᠢᠨᠠᠨ ᠵᠦᠪᠯᠡᠬᠦ ᠳᠤ ᠤᠷᠤᠯᠴᠠᠬᠤ ᠦᠶ᠎ᠠ ᠶᠢᠨ ᠴᠢᠬᠤᠯᠠ ᠶᠠᠷᠢᠶᠠᠨ ᠤ ᠵᠤᠷᠢᠭ ᠰᠠᠨᠠᠭ᠎ᠠ ᠶᠢ ᠰᠠᠶᠢᠳᠤᠷ ᠰᠤᠷᠤᠯᠴᠠᠨ ᠲᠤᠭᠤᠰᠢᠯᠠᠭᠤᠯᠬᠤ ᠳᠤ ᠵᠠᠪᠠᠯ ᠴᠠᠭ ᠢᠮᠠᠭᠳᠠ ᠠᠷᠠᠳ ᠲᠦᠮᠡᠨ ᠤ ᠠᠮᠤᠷ ᠵᠢᠮᠤᠷ ᠠᠵᠤ ᠲᠦᠷᠦᠬᠦ᠂ ᠠᠮᠤᠷ ᠲᠦᠪᠰᠢᠨ ᠬᠠᠯᠠᠭᠤᠨ ᠳᠤᠯᠠᠭᠠᠨ ᠪᠠᠶᠢᠬᠤ ᠶᠢ ᠰᠡᠳᠭᠢᠯ ᠳᠡᠭᠡᠨ ᠪᠤᠳᠤᠵᠤ᠂ ᠴᠠᠭ ᠢᠮᠠᠭᠳᠠ ᠠᠷᠠᠳ ᠤᠯᠠᠨ ᠯᠤᠭ᠎ᠠ ᠪᠤᠳᠤᠯ ᠢᠶᠠᠨ ᠨᠢᠬᠡᠳᠬᠡᠨ ᠬᠦᠴᠦ ᠪᠠᠨ ᠬᠠᠮᠳᠤᠳᠬᠠᠵᠤ᠂ ᠬᠠᠳᠠᠭᠤ ᠪᠡᠷᠬᠡᠰᠢᠶᠡᠯ ᠢ ᠬᠠᠮᠳᠤ ᠪᠠᠷ ᠲᠤᠭᠤᠯᠵᠤ ᠵᠢᠷᠭᠠᠯ ᠵᠤᠪᠠᠯᠠᠩ ᠢᠶᠠᠨ ᠬᠠᠮᠳᠤᠳᠬᠠᠵᠤ᠂ ᠴᠠᠭ ᠢᠮᠠᠭᠳᠠ ᠠᠷᠠᠳ ᠤᠯᠠᠨ ᠲᠠᠢ ᠠᠮᠢᠰᠬᠤᠭ᠎ᠠ ᠪᠠᠨ ᠨᠢᠬᠡᠳᠬᠡᠵᠤ ᠬᠤᠪᠢ ᠵᠠᠶᠠᠭ᠎ᠠ ᠪᠠᠨ ᠬᠠᠮᠳᠤᠳᠬᠠᠨ᠂ ᠰᠡᠳᠭᠢᠯ ᠵᠢᠷᠦᠬᠡ ᠪᠠᠨ ᠬᠤᠯᠪᠤᠵᠤ᠂ ᠠᠷᠠᠳ ᠲᠦᠮᠡᠨ ᠢᠶᠠᠷ ᠭᠤᠤᠯ ᠪᠤᠯᠭᠠᠬᠤ ᠬᠦᠭᠵᠢᠯᠳᠡ ᠶᠢᠨ ᠦᠵᠡᠯ ᠰᠠᠨᠠᠭ᠎ᠠ ᠶᠢ ᠡᠯ᠎ᠠ ᠵᠦᠢᠯ ᠤᠨ ᠰᠢᠢᠳᠪᠦᠷᠢᠳᠤ ᠪᠤᠳᠤᠯᠭ᠎ᠠ ᠪᠠᠶᠢᠷᠢᠯᠠᠭᠤᠯᠤᠯᠳᠠ ᠪᠤᠯᠤᠨ ᠪᠤᠳᠠᠳᠠᠢ ᠠᠵᠢᠯ ᠳᠠᠭᠠᠨ ᠨᠠᠶᠢᠳᠠᠪᠤᠷᠢᠵᠢᠭᠤᠯᠬᠤ ᠬᠡᠷᠡᠭᠳᠠᠢ᠃      ᠦᠢᠯᠡᠳᠦᠯᠭᠡ ᠶᠢ ᠳᠠᠭᠠᠯᠳᠤᠨ ᠮᠡᠳᠡᠯᠭᠡ ᠨᠡᠮᠡᠭᠳᠡᠵᠤ᠂ ᠮᠡᠳᠡᠯᠭᠡ ᠨᠡᠮᠡᠭᠳᠡᠬᠦ ᠶᠢ ᠳᠠᠭᠠᠯᠳᠤᠨ ᠦᠢᠯᠡᠳᠦᠯᠭᠡ ᠵᠦᠪ ᠪᠤᠯᠳᠠᠭ᠃ ᠪᠦᠬᠦ ᠤᠷᠤᠨ ᠤ ᠡᠯ᠎ᠠ ᠱᠠᠳᠤᠨ ᠤ ᠺᠠᠳ᠋ᠷᠴᠤᠳ ᠶᠡᠷᠦᠩᠬᠡᠢ ᠱᠦᠵᠢ ᠰᠢ ᠶᠢᠨ ᠫᠢᠩ ᠤᠨ ᠦᠪᠦᠷ ᠮᠤᠩᠭᠤᠯ ᠤᠨ ᠲᠦᠯᠦᠭᠡᠯᠡᠭᠴᠢᠳ ᠤᠨ ᠪᠦᠯᠬᠦᠮ ᠤᠨ ᠬᠢᠨᠠᠨ ᠵᠦᠪᠯᠡᠬᠦ ᠳᠤ ᠤᠷᠤᠯᠴᠠᠬᠤ ᠦᠶ᠎ᠠ ᠶᠢᠨ ᠴᠢᠬᠤᠯᠠ ᠶᠠᠷᠢᠶᠠᠨ ᠤ ᠵᠤᠷᠢᠭ ᠰᠠᠨᠠᠭ᠎ᠠ ᠶᠢ ᠰᠤᠷᠤᠯᠴᠠᠨ ᠲᠤᠭᠤᠰᠢᠯᠠᠭᠤᠯᠵᠤ᠂ ᠤᠳᠤᠬᠠᠨ ᠪᠠ ᠬᠤᠶᠢᠰᠢᠳᠠ ᠶᠢᠨ ᠬᠡᠰᠡᠭ ᠬᠤᠭᠤᠴᠠᠭᠠᠨ ᠤ ᠴᠢᠬᠤᠯᠠ ᠶᠡᠭᠡ ᠤᠯᠤᠰ ᠲᠦᠷᠦ ᠶᠢᠨ ᠡᠭᠦᠷᠭᠡ ᠪᠠᠨ ᠪᠤᠯᠭᠠᠵᠤ᠂ ︽ᠳᠦᠷᠪᠡᠨ ᠤᠬᠠᠮᠰᠠᠷ︾ ᠢᠶᠠᠨ ᠴᠢᠩᠭᠠᠳᠬᠠᠨ ︽ᠳᠦᠷᠪᠡᠨ ᠢᠳᠡᠭᠡᠯ︾ ᠢᠶᠠᠨ ᠪᠠᠳᠤᠳᠬᠠᠵᠤ ︽ᠬᠤᠶᠠᠷ ᠢ ᠬᠠᠮᠠᠭᠠᠯᠠᠬᠤ︾ ᠶᠢ ᠪᠡᠶᠡᠯᠡᠭᠦᠯᠵᠤ᠂ ᠲᠡᠭᠡᠲᠦ ᠬᠡᠮᠵᠢᠶᠠᠠ ᠤ ᠤᠯᠤᠰ ᠲᠦᠷᠦ ᠶᠢᠨ ᠤᠬᠠᠮᠰᠠᠷ᠂ ᠦᠵᠡᠯ ᠰᠠᠨᠠᠭᠠᠠ ᠤ ᠤᠬᠠᠮᠰᠠᠷ᠂ ᠦᠢᠯᠡ ᠠᠵᠢᠯᠯᠠᠭ᠎ᠠ ᠶᠢᠨ ᠤᠬᠠᠮᠰᠠᠷ ᠢᠶᠠᠷ ᠰᠤᠷᠤᠯᠴᠠᠨ ᠲᠤᠭᠤᠰᠢᠯᠠᠭᠤᠯᠵᠤ ᠨᠠᠶᠢᠲᠠᠪᠤᠷᠢᠵᠢᠭᠤᠯᠬᠤ ᠶᠢ ᠰᠠᠶᠢᠲᠤᠷ ᠠᠳᠬᠤᠨ᠂ ᠶᠠᠷᠢᠶᠠᠠ ᠤ ᠵᠤᠷᠢᠭ ᠰᠠᠨᠠᠭ᠎ᠠ ᠶᠢ ᠠᠰᠠᠭᠤᠲᠠᠯ ᠢ ᠪᠤᠲᠤᠯᠬᠢᠯᠠᠬᠤ᠂ ᠰᠢᠢᠳᠪᠦᠷᠢᠲᠦ ᠪᠤᠲᠤᠯᠭ᠎ᠠ ᠲᠤᠭᠲᠠᠭᠠᠬᠤ᠂ ᠠᠵᠢᠯ ᠬᠢᠬᠦ ᠪᠦᠬᠦ ᠶᠠᠪᠤᠴᠠ ᠳᠤ ᠲᠤᠭᠤᠰᠢᠯᠠᠭᠤᠯᠵᠦ᠂ ᠬᠦᠨ ᠵᠤᠵᠠᠭᠠᠨ ᠬᠠᠶᠢᠷ᠎ᠠ ᠬᠠᠯᠠᠮᠵᠢ ᠶᠢ ᠵᠠᠮ ᠨᠡᠭᠡᠭᠡᠡ ᠤᠷᠤᠭᠰᠢᠯᠠᠠ ᠲᠠᠪᠰᠢᠬᠤ ᠬᠦᠴᠦᠷᠭᠡᠭ ᠶᠡᠭᠡ ᠬᠦᠲᠡᠯᠭᠡᠬᠦ ᠬᠦᠴᠤᠨ ᠪᠤᠯᠭᠠᠠ ᠬᠤᠪᠢᠷᠠᠭᠤᠯᠵᠤ᠂ ᠪᠤᠳᠠᠳᠤ ᠠᠵᠢᠯᠯᠠᠭ᠎ᠠ ᠪᠠ ᠰᠢᠯᠢᠲᠡᠭ ᠠᠮᠵᠢᠯᠲᠠ ᠪᠠᠷ ᠢᠶᠠᠨ ᠶᠡᠷᠦᠩᠭᠡᠢ ᠱᠦᠵᠢ ᠶᠢᠨ ᠬᠦᠨ ᠵᠤᠵᠠᠭᠠᠨ ᠬᠠᠶᠢᠷ᠎ᠠ ᠬᠠᠯᠠᠮᠵᠢ ᠳᠤ ᠲᠠᠯᠠᠷᠬᠠᠯ ᠲᠡᠪᠰᠢᠬᠦᠯᠬᠦ ᠭᠡᠷᠡᠭᠳᠡᠢ᠃      ᠵᠤᠨ ᠤ ᠡᠬᠢᠨ ᠢᠶᠠᠷ ᠲᠦᠮᠡᠡ ᠪᠤᠲᠠᠰ ᠠᠮᠢᠯᠠᠵᠦ᠂ ᠡᠬᠡ ᠤᠯᠤᠰ ᠤᠨ ᠤᠮᠠᠷᠠᠲᠦ ᠶᠢᠨ ᠡᠭᠡ ᠭᠠᠵᠠᠷ ᠬᠦᠰᠡᠯ ᠠᠮᠢᠵᠢᠷᠠᠯ ᠢᠶᠠᠷ ᠪᠢᠯᠬᠠᠨ᠎ᠠ᠃ ᠪᠢᠲᠠ ᠰᠢ ᠶᠢᠨ ᠫᠢᠩ ᠨᠦᠬᠦᠷ ᠢᠶᠠᠷ ᠭᠤᠤᠯ ᠪᠤᠯᠭᠠᠭᠰᠠᠠ ᠨᠠᠮ ᠤᠨ ᠲᠦᠪ ᠬᠤᠷᠢᠶᠠᠠ ᠤ ᠲᠤᠭᠤᠷᠢᠨ ᠳᠤ ᠨᠡᠩ ᠨᠢᠭᠲᠠᠷᠠᠠ ᠪᠦᠯᠬᠦᠮᠲᠡᠵᠦ᠂ ᠶᠡᠷᠦᠩᠭᠡᠢ ᠱᠦᠵᠢ ᠶᠢᠨ ᠭᠦᠨ ᠵᠤᠵᠠᠭᠠᠨ ᠬᠠᠶᠢᠷ᠎ᠠ ᠬᠠᠯᠠᠮᠵᠢ᠂ ᠬᠦᠨᠳᠤ ᠨᠠᠶᠢᠲᠠᠯᠭ᠎ᠠ᠂ ᠠᠷᠠᠳ ᠢᠶᠠᠨ ᠬᠡᠰᠡᠨ ᠬᠠᠯᠠᠭᠤᠨ ᠰᠡᠳᠭᠢᠯᠭᠡ ᠶᠢ ᠬᠦᠨᠵᠡᠭᠡᠢ ᠤᠬᠠᠭᠠᠷᠠᠨ ᠮᠡᠳᠡᠷᠡᠵᠤ ᠂ ᠤᠭ ᠰᠠᠨᠠᠭ᠎ᠠ ᠪᠠᠨ ᠦᠯᠦ ᠮᠠᠷᠲᠠᠵᠤ ᠡᠬᠦᠷᠭᠡ ᠬᠠᠷᠢᠭᠤᠴᠠᠯᠭ᠎ᠠ ᠳᠠᠭᠠᠨ ᠦᠯᠦ ᠤᠰᠤᠯᠲᠠᠨ ᠬᠦᠨᠲᠦ ᠨᠠᠶᠢᠲᠠᠯᠭ᠎ᠠ ᠶᠢ ᠨᠢ ᠦᠯᠦ ᠬᠦᠰᠡᠷᠲᠡᠭᠦᠯᠵᠦ᠂ ᠨᠢᠭᠡ ᠰᠡᠤᠨᠭᠢᠯ ᠨᠢᠬᠡ ᠵᠤᠷᠢᠭ ᠢᠶᠠᠷ ᠰᠢᠷᠭᠠᠭᠤ ᠬᠠᠲᠠᠭᠤᠵᠢᠯᠲᠠᠢ ᠴᠢᠷᠮᠠᠶᠢᠨ ᠠᠵᠢᠯᠯᠠᠵᠦ ᠰᠢᠨ᠎ᠠ ᠴᠠᠭ ᠦᠶ᠎ᠠ ᠶᠢᠨ ︽ᠤᠷᠲᠤ ᠵᠠᠮ ᠤᠨ ᠠᠶᠠᠠ ᠲᠡᠶᠢᠨ︾ ᠢ ᠰᠠᠶᠢᠳᠤᠷ ᠭᠢᠵᠤ᠂ ᠰᠢᠨ᠎ᠠ ᠴᠠᠭ ᠦᠶ᠎ᠠ ᠳᠤ ᠨᠡᠶᠢᠭᠡᠮ ᠵᠢᠷᠤᠮ ᠤᠨ ᠤᠲᠤᠬᠢᠴᠢᠯᠠᠭᠰᠠᠠ ᠤᠯᠤᠰ ᠢ ᠪᠦᠬᠦ ᠲᠠᠯ᠎ᠠ ᠪᠠᠷ ᠪᠦᠲᠦᠭᠡᠡ ᠪᠠᠶᠢᠭᠤᠯᠬᠤ ᠠᠶᠠᠠ ᠳᠤ ᠦᠪᠦᠷ ᠮᠤᠩᠭᠤᠯ ᠤᠨ ᠬᠦᠭᠵᠢᠯᠲᠠ ᠶᠢᠨ ᠰᠢᠨ᠎ᠠ ᠬᠠᠭᠤᠲᠠᠰᠤ ᠶᠢ ᠪᠢᠴᠢᠭᠯᠡᠰᠦᠭᠡᠢ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000611号-1号