ᠬᠦᠢᠲᠡᠨ ᠤᠷᠤᠰᠬᠠᠯ ᠠᠰᠢᠭᠲᠠᠶ ᠮᠥᠷᠲᠡᠭᠡᠨ ᠪᠠᠰᠠ ᠮᠠᠭᠤ ᠲᠠᠯ᠎ᠠ ᠲᠠᠢ ᠭᠡᠳᠡᠭ ᠮᠡᠳᠡᠯᠭᠡ ᠶᠢ ᠮᠡᠳᠡᠨ᠎ᠡ ᠦᠦ
ᠨᠡᠶᠢᠲᠡᠯᠡᠭᠰᠡᠨ ᠴᠠᠭ᠄
2021/11/10
      ᠴᠠᠭ ᠠᠭᠤᠷ ᠤᠨ ᠨᠠᠶᠢᠷᠠᠭᠤᠯᠤᠭᠴᠢ ᠠᠴᠠ ᠰᠠᠨᠠᠭᠤᠯᠬᠤ ᠨᠢ᠄ ᠭᠠᠳᠠᠨ᠎ᠠ ᠪᠠᠶᠢᠭ᠎ᠠ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠳᠤ ᠣᠷᠣᠯᠴᠠᠵᠤ ᠪᠠᠶᠢᠭ᠎ᠠ ᠠᠵᠢᠯᠲᠠᠳ ᠴᠠᠭ ᠠᠭᠤᠷ ᠤᠨ ᠤᠷᠢᠳᠴᠢᠯᠠᠭᠰᠠᠨ ᠮᠡᠳᠡᠭᠡ ᠶᠢ ᠴᠠᠭ ᠲᠤᠬᠠᠶ ᠳᠤᠨᠢ ᠠᠩᠬᠠᠷᠴᠤ᠂ ᠬᠤᠪᠴᠠᠰᠤ ᠬᠤᠨᠠᠷ ᠢᠶᠠᠨ ᠨᠡᠮᠡᠭᠳᠡᠭᠦᠯᠦᠨ ᠳᠤᠯᠠᠭᠠᠯᠠᠵᠤ᠂ ᠬᠢᠮᠤᠷᠠᠭ᠎ᠠ ᠶᠢ ᠰᠡᠷᠭᠡᠶᠢᠯᠡᠬᠦ ᠬᠡᠷᠡᠭᠲᠡᠶ᠃ ᠭᠡᠲᠡᠯ᠎ᠡ ᠬᠦᠢᠲᠡᠨ ᠤᠷᠤᠰᠬᠠᠯ ᠠᠰᠢᠭᠲᠠᠶ ᠮᠥᠷᠲᠡᠭᠡᠨ ᠪᠠᠰᠠ ᠮᠠᠭᠤ ᠲᠠᠯ᠎ᠠ ᠲᠠᠢ ᠪᠠᠶᠢᠳᠠᠭ᠂ ᠡᠲᠡᠭᠡᠷ ᠮᠡᠳᠡᠯᠭᠡ ᠶᠢ ᠴᠢ ᠮᠡᠳᠡᠨ᠎ᠡ ᠦᠦ︖      ᠬᠦᠢᠲᠡᠨ ᠤᠷᠤᠰᠬᠠᠯ ᠤᠨ ᠠᠪᠴᠢᠷᠠᠭᠰᠠᠨ ᠪᠣᠷᠣᠭᠠᠨ ᠴᠠᠰᠤ ᠪᠣᠯᠤᠨ ᠬᠥᠯᠳᠡᠭᠦᠦ ᠴᠠᠭ ᠠᠭᠤᠷ ᠨᠢ ᠵᠠᠮ ᠲᠡᠭᠡᠭᠡᠪᠦᠷᠢ ᠳᠤ ᠪᠠᠭ᠎ᠠ ᠪᠤᠰᠤ ᠬᠤᠣᠷ ᠬᠥᠨᠥᠭᠡᠯ ᠲᠠᠢ ᠶᠤᠮ᠃ ᠴᠠᠰᠤ ᠪᠣᠷᠣᠭᠠᠨ ᠥᠩᠭᠡᠷᠡᠭᠰᠡᠨ ᠤ ᠳᠠᠷᠠᠭ᠎ᠠ᠂ ᠵᠠᠮ ᠮᠥᠰᠥ ᠬᠥᠯᠳᠡᠵᠦ ᠬᠠᠯᠲᠤᠷᠢᠵᠤ᠂ ᠵᠠᠮ ᠬᠠᠷᠢᠯᠴᠠᠭᠠᠨ ᠤ ᠠᠳᠡᠯ ᠢᠯᠡᠳᠲᠡ ᠳᠡᠭᠡᠭᠰᠢᠯᠡᠪᠡ᠃      ᠡᠭᠦᠨ ᠠᠴᠠ ᠭᠠᠳᠠᠨ᠎ᠠ᠂ ᠬᠦᠢᠲᠡᠨ ᠤᠷᠤᠰᠬᠠᠯ ᠤᠨ ᠴᠠᠭ ᠠᠭᠤᠷ ᠨᠢ ᠬᠥᠮᠦᠨ ᠤ ᠪᠡᠶ᠎ᠡ ᠶᠢᠨ ᠡᠷᠡᠭᠦᠯ ᠮᠡᠨᠳᠦ ᠳᠤ ᠲᠦᠢᠯ ᠤᠨ ᠶᠡᠭᠡ ᠬᠤᠤᠷ ᠬᠥᠨᠥᠭᠡᠯ ᠲᠠᠢ ᠪᠠᠶᠢᠳᠠᠭ᠂ ᠢᠯᠠᠩᠭᠤᠶ᠎ᠠ ᠶᠡᠭᠡ ᠰᠠᠯᠬᠢᠨ ᠢᠶᠠᠷ ᠳᠤᠯᠠᠭᠠᠨ ᠢ ᠪᠠᠭᠤᠷᠠᠭᠤᠯᠬᠤ ᠴᠠᠭ ᠠᠭᠤᠷ ᠨᠢ ᠠᠮᠠᠷᠬᠠᠨ ᠬᠢᠮᠤᠷᠠᠭ᠎ᠠ᠂ ᠮᠥᠭᠡᠷᠰᠦᠨ ᠬᠤᠭᠤᠯᠠᠶ ᠶᠢᠨ ᠦᠷᠪᠢᠰᠦᠯ᠂ ᠵᠢᠷᠦᠬᠡᠨ ᠲᠢᠲᠢᠮ ᠤᠨ ᠡᠪᠡᠳᠴᠢᠨ᠂ ᠠᠭᠤᠰᠬᠢ ᠵᠢᠷᠦᠬᠡᠨ ᠤ ᠡᠪᠡᠳᠴᠢᠨ᠂ ᠰᠠ ᠡᠪᠡᠳᠴᠢᠨ᠂ ᠬᠢᠷᠬᠢᠷ᠎ᠡ᠂ ᠵᠢᠷᠦᠬᠡᠨ ᠪᠤᠯᠴᠢᠩ ᠤᠨ ᠲᠦᠭᠵᠢᠷᠡᠯ᠂ ᠵᠢᠷᠦᠬᠡ ᠪᠠᠵᠠᠯᠠᠵᠤ ᠡᠪᠡᠳᠬᠦ᠂ ᠲᠠᠯ᠎ᠠ ᠲᠣᠯᠣᠭᠠᠶ ᠡᠪᠡᠳᠬᠦ ᠵᠡᠷᠭᠡ ᠡᠪᠡᠳᠴᠢᠨ ᠢ ᠡᠭᠦᠰᠭᠡᠵᠦ᠂ ᠵᠠᠷᠢᠮ ᠳᠠᠭᠠᠨ ᠪᠠᠰᠠ ᠡᠪᠡᠳᠴᠢᠲᠡᠨ ᠤ ᠡᠪᠡᠳᠴᠢᠨ ᠤ ᠪᠠᠶᠢᠳᠠᠯ ᠢ ᠬᠦᠨᠳᠦᠷᠡᠭᠦᠯᠳᠡᠭ᠃      ᠬᠦᠢᠲᠡᠨ ᠤᠷᠤᠰᠬᠠᠯ ᠴᠤ ᠰᠠᠶᠢᠨ ᠲᠠᠯ᠎ᠠ ᠲᠠᠢ ᠶᠤᠮ᠃ ᠬᠦᠢᠲᠡᠨ ᠤᠷᠤᠰᠬᠠᠯ ᠨᠢ ᠳᠡᠯᠡᠬᠡᠶ ᠶᠢᠨ ᠪᠥᠮᠪᠥᠷᠴᠡᠭ ᠤᠨ ᠭᠠᠳᠠᠷᠭᠤ ᠶᠢᠨ ᠢᠯᠴᠢ ᠶᠢᠨ ᠥᠷᠭᠡᠷᠢᠭ ᠤᠨ ᠥᠨᠳᠥᠷᠵᠢᠬᠦ ᠶᠢ ᠳᠠᠭᠠᠯᠳᠤᠨ᠂ ᠳᠡᠯᠡᠬᠡᠶ ᠶᠢᠨ ᠪᠥᠮᠪᠥᠷᠴᠡᠭ ᠤᠨ ᠨᠡᠷᠡᠨ ᠤ ᠰᠠᠴᠤᠷᠠᠯᠲᠠ ᠶᠢ ᠬᠦᠯᠢᠶᠡᠨ ᠠᠪᠬᠤ ᠡᠨᠧᠷᠭᠢ ᠨᠢ ᠠᠭᠠᠵᠢᠮ ᠢᠶᠠᠷ ᠪᠠᠭᠤᠷᠠᠳᠠᠭ᠂ ᠡᠶᠢᠮᠦ ᠠᠴᠠ ᠳᠡᠯᠡᠬᠡᠶ ᠶᠢᠨ ᠪᠥᠮᠪᠥᠷᠴᠡᠭ ᠬᠠᠯᠠᠭᠤᠨ ᠪᠦᠰᠡ᠂ ᠰᠡᠷᠢᠭᠦᠨ ᠪᠦᠰᠡ ᠪᠠ ᠬᠦᠢᠲᠡᠨ ᠪᠦᠰᠡ ᠶᠢ ᠪᠦᠷᠢᠯᠳᠦᠭᠦᠯᠳᠡᠭ᠃ ᠬᠦᠢᠲᠡᠨ ᠤᠷᠤᠰᠬᠠᠯ ᠶᠡᠭᠡ ᠬᠡᠮᠵᠢᠶᠡᠨ ᠤ ᠬᠦᠢᠲᠡᠨ ᠠᠭᠠᠷ ᠢ ᠬᠠᠯᠠᠭᠤᠨ ᠪᠦᠰᠡᠨ ᠳᠤ ᠴᠢᠳᠬᠤᠨ ᠣᠷᠣᠭᠤᠯᠵᠤ᠂ ᠭᠠᠵᠠᠷ ᠤᠨ ᠭᠠᠳᠠᠷᠭᠤ ᠶᠢᠨ ᠢᠯᠴᠢ ᠶᠢ ᠶᠡᠭᠡ ᠬᠡᠪᠴᠢᠶ᠎ᠡ ᠪᠠᠷ ᠰᠣᠯᠢᠯᠴᠠᠭᠤᠯᠳᠠᠭ᠂ ᠡᠨᠡ ᠨᠢ ᠪᠠᠶᠢᠭᠠᠯᠢ ᠶᠢᠷᠲᠢᠨᠴᠦ ᠶᠢᠨ ᠠᠮᠢ ᠠᠬᠤᠶ ᠶᠢᠨ ᠲᠡᠩᠴᠡᠭᠦᠷᠢ ᠶᠢ ᠪᠠᠲᠤᠯᠠᠵᠤ᠂ ᠪᠣᠳᠠᠰ ᠤᠨ ᠲᠥᠷᠥᠯ ᠤᠨ ᠢᠭᠴᠤ ᠰᠠᠬᠤᠯᠢᠭ ᠪᠠᠶᠢᠬᠤ ᠶᠢ ᠪᠠᠲᠤᠯᠠᠬᠤ ᠳᠤ ᠮᠠᠰᠢ ᠠᠰᠢᠭᠲᠠᠶ ᠶᠤᠮ᠃      ᠴᠠᠭ ᠠᠭᠤᠷ ᠤᠨ ᠡᠷᠳᠡᠮᠲᠡᠳ ᠤᠨ ᠦᠵᠡᠬᠦ ᠪᠠᠷ᠂ ᠬᠦᠢᠲᠡᠨ ᠤᠷᠤᠰᠬᠠᠯ ᠪᠣᠯ ᠪᠣᠷᠣᠭᠠᠨ ᠬᠤᠷ᠎ᠠ ᠲᠡᠭᠰᠢ ᠪᠠᠶᠢᠬᠤ ᠶᠢᠨ ᠪᠠᠲᠤᠯᠠᠭ᠎ᠠ ᠮᠥᠨ᠃ ᠮᠠᠨ ᠤ ᠤᠯᠤᠰ ᠤᠯᠠᠷᠢᠯ ᠤᠨ ᠰᠠᠯᠬᠢᠨ ᠤ ᠨᠥᠯᠥᠭᠡ ᠶᠢ ᠭᠥᠷᠳᠡᠵᠦ᠂ ᠡᠪᠦᠯ ᠤᠨ ᠤᠯᠠᠷᠢᠯ ᠤᠨ ᠠᠭᠤᠷ ᠠᠮᠢᠰᠬᠤᠯ ᠭᠠᠩ ᠬᠠᠭᠤᠷᠠᠶ ᠪᠠᠶᠢᠵᠤ᠂ ᠤᠰᠤ ᠰᠢᠷᠭᠢᠬᠦ ᠬᠤᠭᠤᠴᠠᠭ᠎ᠠ ᠪᠣᠯᠤᠨ᠎ᠠ᠃ ᠭᠡᠪᠡᠴᠦ ᠬᠦᠢᠲᠡᠨ ᠤᠷᠤᠰᠬᠠᠯ ᠡᠮᠦᠨᠡᠰᠢ ᠲᠦᠷᠢᠬᠦ ᠪᠦᠷᠢ᠂ ᠦᠷᠭᠦᠯᠵᠢ ᠶᠡᠭᠡ ᠬᠡᠪᠴᠢᠶᠡᠨ ᠤ ᠪᠣᠷᠣᠭᠠᠨ ᠴᠠᠰᠤ ᠲᠠᠢ ᠴᠠᠭ ᠠᠭᠤᠷ ᠢ ᠠᠪᠴᠢᠷᠠᠵᠤ᠂ ᠡᠪᠦᠯ ᠤᠨ ᠤᠯᠠᠷᠢᠯ ᠤᠨ ᠭᠠᠩ ᠬᠠᠭᠰᠠᠷᠠᠭᠠᠨ ᠤ ᠪᠠᠶᠢᠳᠠᠯ ᠢ ᠨᠠᠮᠳᠠᠭᠤᠯᠵᠤ᠂ ᠲᠠᠷᠢᠮᠠᠯ ᠤᠨ ᠵᠦᠶ᠋ᠯ ᠳᠤ ᠠᠰᠢᠭ ᠬᠦᠷᠲᠡᠭᠡᠳᠡᠭ᠃      ᠲᠠᠷᠢᠮᠠᠯ ᠤᠨ ᠵᠦᠢᠯ ᠤᠨ ᠡᠪᠡᠳᠴᠢᠨ ᠬᠤᠷᠣᠬᠠᠶ ᠶᠢᠨ ᠬᠥᠨᠥᠭᠡᠯ ᠢ ᠰᠡᠷᠭᠡᠶᠢᠯᠡᠨ ᠵᠠᠰᠠᠬᠤ ᠮᠡᠷᠭᠡᠵᠢᠯᠲᠡᠨ ᠤ ᠦᠵᠡᠬᠦ ᠪᠠᠷ᠂ ᠬᠦᠢᠲᠡᠨ ᠤᠷᠤᠰᠬᠠᠯ ᠤᠨ ᠠᠪᠴᠢᠷᠠᠭᠰᠠᠨ ᠳᠣᠤᠷ᠎ᠠ ᠳᠤᠯᠠᠭᠠᠨ ᠪᠣᠯ ᠣᠳᠣᠬᠠᠨ ᠤ ᠬᠠᠮᠤᠭ ᠤᠨ ᠪᠦᠲᠦᠮᠵᠢᠲᠡᠶ ᠪᠠᠶᠢᠭᠠᠯᠢ ᠶᠢᠨ ︽ᠬᠤᠷᠣᠬᠠᠶ ᠠᠯᠠᠬᠤ ᠡᠮ︾ ᠮᠥᠨ᠂ ᠲᠡᠷᠡ ᠨᠢ ᠬᠥᠷᠥᠰᠥᠨ ᠳᠤ ᠨᠢᠭᠤᠭᠳᠠᠨ ᠡᠪᠦᠯᠵᠢᠳᠡᠭ ᠬᠤᠤᠷᠲᠤ ᠬᠤᠷᠣᠬᠠᠶ ᠪᠠ ᠡᠪᠡᠳᠴᠢᠨ ᠤ ᠪᠠᠺᠲ᠋ᠧᠷᠢ ᠶᠢ ᠶᠡᠭᠡ ᠬᠡᠮᠵᠢᠶ᠎ᠡ ᠪᠠᠷ ᠠᠯᠠᠬᠤ ᠪᠤᠶᠤ ᠲᠡᠭᠦᠨ ᠤ ᠦᠷᠡᠵᠢᠬᠦ ᠶᠢ ᠬᠤᠷᠢᠭᠯᠠᠵᠤ᠂ ᠢᠷᠡᠬᠦ ᠵᠢᠯ ᠤᠨ ᠡᠪᠡᠳᠴᠢᠨ ᠬᠤᠷᠣᠬᠠᠶ ᠶᠢᠨ ᠬᠥᠨᠥᠭᠡᠯ ᠢ ᠪᠠᠭᠠᠰᠬᠠᠵᠤ ᠪᠣᠯᠤᠨ᠎ᠠ᠃ ᠪᠠᠶᠢᠴᠠᠭᠠᠯᠲᠠ ᠶᠢᠨ ᠲᠤᠭ᠎ᠠ ᠪᠠᠷᠢᠮᠲᠠ ᠳᠤ ᠢᠯᠡᠷᠡᠭᠦᠯᠦᠭᠰᠡᠨ ᠢᠶᠠᠷ᠂ ᠶᠡᠭᠡ ᠴᠠᠰᠤ ᠲᠠᠢ ᠡᠪᠦᠯ ᠤᠨ ᠤᠯᠠᠷᠢᠯ ᠳᠤ ᠲᠠᠷᠢᠶᠠᠨ ᠡᠮ ᠢ 60% ᠠᠴᠠ ᠳᠡᠭᠡᠭᠰᠢ ᠠᠷᠪᠢᠯᠠᠵᠤ ᠪᠣᠯᠤᠨ᠎ᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000611号-1号