ᠨᠢᠭᠡ᠂ ᠶᠠᠭᠤ ᠶᠢ ᠸᠢᠰᠠ ᠶᠢ | ︽ᠨᠢᠭᠡᠳᠦᠯᠲᠡᠶ ᠬᠦᠢᠴᠡᠳᠭᠡᠬᠦ︾ ᠭᠡᠬᠦ ᠪᠣᠶ︖ | ᠶᠠᠮᠠᠷ ᠶᠠᠮᠠᠷ ᠤᠯᠤᠰ ᠤᠳ ᠵᠠᠪᠠᠯ | ᠨᠢᠭᠡᠳᠦᠯᠲᠡᠶ ᠬᠦᠢᠴᠡᠳᠭᠡᠬᠦ ᠬᠡᠷᠡᠭᠲᠡᠶ | ᠪᠤᠢ︖ | ᠬᠠᠷᠢᠭᠤᠯᠲᠠ᠄ ︽ᠨᠢᠭᠡᠳᠦᠯᠲᠡᠶ | ᠭᠦᠢᠴᠡᠳᠭᠡᠬᠦ︾ ᠭᠡᠳᠡᠭ ᠨᠢ ᠭᠠᠳᠠᠭᠠᠳᠤ | ᠶᠠᠪᠤᠳᠠᠯ ᠤᠨ ᠶᠠᠮᠤᠨ ᠤ ᠺᠤᠨᠰᠦ᠋ᠯ ᠤᠨ | ᠵᠤᠷᠭᠠᠨ ᠠᠴᠠ ᠶᠠᠮᠠᠷ ᠨᠢᠭᠡᠨ ᠤᠯᠤᠰ ᠤᠨ | ᠸᠢᠰᠠ ᠶᠢ ᠨᠢᠭᠡᠳᠦᠯᠲᠡᠶ ᠭᠦᠢᠴᠡᠳᠭᠡᠬᠦ ᠶᠢ | ᠵᠢᠭᠠᠵᠤ ᠪᠣᠶ᠂ ︽ᠨᠢᠭᠡᠳᠦᠯᠲᠡᠶ | ᠬᠦᠢᠴᠡᠳᠭᠡᠬᠦ︾ ᠤᠯᠤᠰ ᠲᠤ᠄ | ᠠᠦ᠋ᠰᠲᠷᠠᠯᠢᠶ᠎ᠠ᠂ ᠰᠢᠨ᠎ᠡ ᠽᠧᠯᠡᠨᠳ᠋᠂ | ᠹᠷᠠᠨᠼᠢ᠂ ᠭᠧᠷᠮᠠᠨ᠂ ᠶᠠᠫᠣᠨ᠂ ᠺᠣᠷᠢᠶᠠ᠂ | ᠢᠨᠳᠣᠨᠧᠰᠢᠶ᠎ᠠ᠂ ᠡᠮᠦᠨᠡᠲᠦ ᠠᠹᠷᠢᠺᠠ᠂ | ᠣᠷᠣᠰ᠂ ᠠᠷᠭᠸᠨ᠋ᠲ᠋ᠢᠨ᠂ ᠢᠰᠷᠧᠯ᠂ | ᠦᠽᠪᠧᠺᠰᠲ᠋ᠠᠨ᠂ ᠫᠠᠨᠠᠮᠠ᠂ ᠬᠠᠶᠢᠲ᠋ᠢ᠂ | ᠪᠷᠠᠽᠢᠯ᠂ ᠢᠲ᠋ᠠᠯᠢ᠂ ᠮᠧᠺᠰᠢᠺᠤ᠂ | ᠺᠢᠷᠬᠢᠽᠰᠲ᠋ᠠᠨ᠂ ᠠᠮᠧᠷᠢᠺᠠ᠂ ᠠᠩᠭ᠍ᠯᠢ᠂ | ᠫᠸᠷᠦ᠋᠂ ᠺᠠᠨᠠᠳᠠ᠂ ᠬᠤᠯᠠᠨᠳ᠋᠂ ᠹᠢᠨᠯᠠᠨᠳ᠋᠂ | ᠮᠠᠯᠠᠸᠢ᠂ ᠪᠠᠭ᠋ᠠᠮᠠ ᠪᠠᠭᠲᠠᠨ᠎ᠠ᠃ | ᠬᠤᠶᠠᠷ᠂ ᠶᠠᠭᠤ ᠶᠢ ︽ᠬᠦᠷᠦᠭᠡᠳ ᠣᠯᠭᠤᠬᠤ | ᠸᠢᠰᠠ︾ ᠭᠡᠬᠦ ᠪᠣᠶ︖ | ᠬᠠᠷᠢᠭᠤᠯᠲᠠ᠄ ᠪᠣᠭᠤᠮᠲᠠ ᠶᠢᠨ ᠸᠢᠰᠠ ᠶᠢ | ᠡᠩ ᠤᠨ ᠶᠠᠷᠢᠶᠠᠨ ᠳᠤ ᠬᠦᠷᠦᠭᠡᠳ ᠣᠯᠭᠤᠬᠤ | ᠸᠢᠰᠠ ᠭᠡᠳᠡᠭ᠂ ᠡᠨᠡ ᠨᠢ ᠨᠢᠭᠡ ᠤᠯᠤᠰ ᠤᠨ | ᠸᠢᠰᠠ ᠶᠢᠨ ᠪᠠᠶᠢᠭᠤᠯᠭ᠎ᠠ ᠠᠴᠠ ᠲᠣᠰ | ᠤᠯᠤᠰ ᠤᠨ ᠬᠢᠯᠢ ᠳᠤ ᠣᠷᠣᠬᠤ ᠪᠣᠭᠤᠮᠲᠠ | ᠲᠡᠭᠡᠷ᠎ᠡ ᠨᠢᠭᠡᠨᠲᠡ ᠬᠦᠷᠴᠦ ᠢᠷᠡᠭᠰᠡᠨ | ᠭᠠᠳᠠᠭᠠᠳᠤ ᠶᠢᠨ ᠬᠥᠮᠦᠨ ᠳᠤ ᠬᠠᠤᠯᠢ | ᠶᠣᠰᠣᠭᠠᠷ ᠸᠢᠰᠠ ᠣᠯᠭᠤᠵᠤ᠂ ᠲᠤᠬᠠᠶ ᠶᠢᠨ | ᠬᠥᠮᠦᠨ ᠤ ᠴᠠᠭ ᠲᠤᠬᠠᠶ ᠳᠤᠨᠢ ᠬᠢᠯᠢ ᠪᠡᠷ | ᠣᠷᠣᠵᠤ ᠪᠠᠴᠢᠮ ᠶᠠᠪᠤᠳᠠᠯ ᠢ | ᠰᠢᠢᠳᠪᠦᠷᠢᠯᠡᠬᠦ ᠳᠤ ᠲᠥᠬᠦᠮ | ᠦᠵᠡᠭᠦᠯᠬᠦ ᠶᠢ ᠵᠢᠭᠠᠵᠤ ᠪᠠᠢᠨ᠎ᠠ᠃ | ᠪᠣᠭᠤᠮᠲᠠ ᠲᠡᠭᠡᠷ᠎ᠡ ᠸᠢᠰᠠ ᠣᠯᠭᠤᠬᠤ ᠶᠢ | ᠬᠡᠷᠡᠭᠵᠢᠭᠦᠯᠵᠦ ᠪᠠᠶᠢᠭ᠎ᠠ ᠤᠯᠤᠰ ᠠᠴᠠ ᠴᠥᠮ | ᠪᠣᠭᠤᠮᠲᠠ ᠶᠢᠨ ᠸᠢᠰᠠ ᠭᠤᠶᠤᠴᠢᠯᠠᠬᠤ | ᠨᠥᠬᠦᠴᠡᠯ ᠪᠠ ᠵᠢᠷᠤᠮ ᠢ ᠲᠣᠭᠲᠠᠭᠠᠭᠰᠠᠨ | ᠪᠠᠶᠢᠳᠠᠭ᠃ | ᠭᠤᠷᠪᠠ᠂ ᠶᠠᠭᠤ ᠶᠢ ᠸᠢᠰᠠ ᠠᠪᠬᠤ ᠥᠬᠡᠶ | ᠭᠡᠬᠦ ᠪᠣᠶ︖ ᠶᠠᠭᠤ ᠶᠢ ᠠᠩᠬᠠᠷᠬᠤ | ᠴᠢᠬᠤᠯᠠᠲᠠᠶ ᠪᠣᠶ︖ | ᠬᠠᠷᠢᠭᠤᠯᠲᠠ᠄ ᠬᠤᠶᠠᠷ ᠤᠯᠤᠰ ᠤᠨ | ᠵᠠᠰᠠᠭ ᠤᠨ ᠣᠷᠳᠣᠨ ᠤ ᠬᠤᠭᠤᠷᠣᠨᠳᠣᠬᠢ | ᠬᠡᠯᠡᠯᠴᠡᠭᠡᠷ ᠪᠤᠶᠤ ᠨᠢᠭᠡ ᠲᠠᠯ᠎ᠠ ᠶᠢᠨ | ᠬᠦᠰᠡᠯ ᠰᠠᠨᠠᠭ᠎ᠠ ᠶᠢ ᠦᠨᠳᠦᠰᠦᠯᠡᠨ᠂ | ᠬᠠᠷᠠᠭᠠᠯᠵᠠᠭᠰᠠᠨ ᠤᠯᠤᠰ ᠤᠨ ᠣᠨᠴᠠ | ᠲᠣᠭᠲᠠᠭᠰᠠᠨ ᠫᠠᠰᠫᠣᠷᠲ ᠲᠠᠢ ᠬᠥᠮᠦᠰ ᠲᠤ | ᠬᠢᠯᠢ ᠳᠤ ᠣᠷᠣᠬᠤ ᠳᠤ ᠸᠢᠰᠠ ᠠᠪᠬᠤ ᠦᠭᠡᠢ | ᠬᠠᠷᠠᠭᠠᠯᠵᠠᠯ ᠣᠯᠭᠤᠨ᠎ᠠ᠃ ᠬᠡᠷᠪᠡ ᠳᠤᠮᠳᠠᠳᠤ | ᠤᠯᠤᠰ ᠲᠠᠢ ᠬᠠᠷᠢᠯᠴᠠᠨ ᠸᠢᠰᠠ ᠠᠪᠬᠤ ᠦᠭᠡᠢ | ᠬᠡᠯᠡᠯᠴᠡᠭᠡᠷ ᠲᠣᠭᠲᠠᠭᠰᠠᠨ ᠤᠯᠤᠰ ᠲᠤ | ᠣᠴᠢᠬᠤ ᠭᠡᠪᠡᠯ᠂ ᠬᠢᠯᠢ ᠳᠤ | ᠣᠷᠣᠬᠤ ᠠᠴᠠ ᠪᠠᠨ ᠡᠮᠦᠨ᠎ᠡ | ᠬᠡᠯᠡᠯᠴᠡᠭᠡᠷ ᠢ ᠨᠠᠷᠢᠨ ᠬᠢᠨᠠᠮᠠᠭᠠᠶ | ᠤᠩᠰᠢᠵᠤ᠂ ᠸᠢᠰᠠ ᠠᠪᠬᠤ ᠦᠭᠡᠢ ᠳᠦ ᠪᠣᠯᠬᠤ | ᠪᠣᠯᠬᠤ ᠫᠠᠰᠫᠣᠷᠲ ᠤᠨ ᠲᠥᠷᠥᠯ ᠬᠡᠯᠪᠡᠷᠢ᠂ | ᠸᠢᠰᠠ ᠠᠪᠬᠤ ᠦᠭᠡᠢ ᠪᠡᠷ ᠰᠠᠭᠤᠵᠤ ᠪᠣᠯᠬᠤ | ᠡᠳᠦᠷ ᠤᠨ ᠲᠤᠭ᠎ᠠ ᠪᠤᠶᠤ ᠪᠤᠰᠤᠳ ᠣᠨᠴᠠᠭᠠᠶ | ᠱᠠᠭᠠᠷᠳᠠᠯᠭ᠎ᠠ ᠶᠢ ᠲᠣᠳᠤᠷᠬᠠᠢ ᠮᠡᠳᠡᠬᠦ | ᠬᠡᠷᠡᠭᠲᠡᠢ᠃ | ᠳᠥᠷᠪᠡ᠂ ᠠᠯᠪᠠᠨ ᠶᠠᠪᠤᠳᠠᠯ ᠢᠶᠠᠷ | ᠠᠮᠧᠷᠢᠺᠠ ᠳᠤ ᠣᠴᠢᠭᠰᠠᠳ ᠠᠮᠧᠷᠢᠺᠠ ᠶᠢᠨ | ᠸᠢᠰᠠ ᠠᠪᠬᠤ ᠪᠡᠷ ᠨᠢᠭᠤᠷᠳᠠᠨ ᠶᠠᠷᠢᠯᠴᠠᠬᠤ | ᠪᠡᠷ ᠪᠣᠯᠵᠤᠬᠤ ᠦᠢᠯᠡᠴᠢᠯᠡᠭᠡ ᠶᠢ ᠬᠡᠷᠭᠢᠨ | ᠬᠦᠢᠴᠡᠳᠭᠡᠬᠦ ᠪᠣᠢ︖ | ᠬᠠᠷᠢᠭᠤᠯᠲᠠ᠄ ᠪᠦᠯᠬᠦᠮ | ᠳᠤᠭᠤᠶᠢᠯᠠᠩ ᠤᠨ ᠬᠢᠨ ᠭᠠᠳᠠᠭᠠᠳᠤ | ᠶᠠᠪᠤᠳᠠᠯ ᠤᠨ ᠶᠠᠮᠤᠨ ᠤ ᠺᠤᠨᠰᠦ᠋ᠯ ᠤᠨ | ᠵᠤᠷᠭᠠᠨ ᠳᠤ ᠪᠣᠯᠵᠣᠵᠤ ᠨᠢᠭᠤᠷᠲᠠᠨ | ᠶᠠᠷᠢᠯᠴᠠᠬᠤ ᠮᠠᠲ᠋ᠧᠷᠢᠶᠠᠯ ᠵᠢᠴᠢ | ᠫᠠᠰᠫᠣᠷᠲ ᠢᠶᠠᠨ ᠲᠤᠰᠢᠶᠠᠬᠤ ᠬᠡᠷᠡᠭᠲᠡᠶ᠂ | ᠡᠩ ᠤᠨ ᠪᠠᠶᠢᠳᠠᠯ ᠳᠤ ᠺᠤᠨᠰᠦ᠋ᠯ ᠤᠨ | ᠵᠤᠷᠭᠠᠨ ᠳᠤ ᠲᠤᠰᠢᠶᠠᠭᠰᠠᠨ 3 ᠠᠵᠢᠯᠯᠠᠬᠤ | ᠡᠳᠦᠷ ᠤᠨ ᠳᠠᠷᠠᠭ᠎ᠠ ᠺᠤᠨᠰᠦ᠋ᠯ ᠤᠨ | ᠵᠤᠷᠭᠠᠨ ᠠᠴᠠ ᠭᠠᠷᠭᠠᠭᠰᠠᠨ ᠵᠢᠩᠬᠢᠨᠢ | ᠨᠣᠲ᠋ᠠ ᠪᠢᠴᠢᠭ᠂ ᠪᠣᠯᠵᠣᠵᠤ ᠨᠢᠭᠤᠷᠲᠠᠨ | ᠶᠠᠷᠢᠯᠴᠠᠬᠤ ᠴᠠᠭ ᠵᠢᠴᠢ ᠪᠠᠷᠢᠮᠲᠠ | ᠨᠠᠭᠠᠭᠰᠠᠨ ᠫᠠᠰᠫᠣᠷᠲ ᠢᠶᠠᠨ ᠠᠪᠴᠤ | ᠪᠣᠯᠤᠨ᠎ᠠ᠃ | ᠲᠠᠪᠤ᠂ ᠠᠯᠪᠠᠨ ᠶᠠᠪᠤᠳᠠᠯ ᠤᠨ | ᠫᠠᠰᠫᠣᠷᠲ ᠤᠨ ᠳᠣᠲᠣᠷᠠᠬᠢ ︽ᠦᠨᠡᠮᠯᠡᠯ | ᠭᠠᠷᠳᠠᠭᠴᠢ ᠶᠢᠨ ᠭᠠᠷ ᠤᠨ ᠦᠰᠦᠭ︾ ᠲᠤ | ᠶᠠᠭᠤ ᠶᠢ ᠠᠩᠬᠠᠷᠬᠤ ᠬᠡᠷᠡᠭᠲᠡᠶ ᠪᠤᠢ︖ | ᠬᠠᠷᠢᠭᠤᠯᠲᠠ᠄ ᠠᠯᠪᠠᠨ ᠶᠠᠪᠤᠳᠠᠯ ᠤᠨ | ᠫᠠᠰᠫᠣᠷᠲ ᠤᠨ ᠳᠣᠲᠣᠷᠠᠬᠢ ︽ᠦᠨᠡᠮᠯᠡᠯ | ᠭᠠᠷᠳᠠᠭᠴᠢ ᠶᠢᠨ ᠭᠠᠷ ᠤᠨ ᠥᠰᠥᠭ︾ ᠭᠡᠬᠦ | ᠵᠦᠢᠯ ᠳᠤ ᠡᠷᠬᠡᠪᠰᠢ ᠲᠣᠰ ᠬᠥᠮᠦᠨ ᠨᠢ | ᠭᠠᠷ ᠤᠨ ᠥᠰᠥᠭ ᠵᠢᠷᠤᠭᠰᠠᠨ ᠪᠠᠶᠢᠬᠤ | ᠬᠡᠷᠡᠭᠲᠡᠶ᠂ ᠡᠯ᠎ᠡ ᠤᠯᠤᠰ ᠤᠨ ᠸᠢᠰᠠ ᠶᠢᠨ | ᠬᠦᠰᠦᠨᠦᠭᠲᠦ ᠶᠢᠨ ᠰᠡᠭᠦᠯ ᠳᠠᠬᠢ | ᠭᠤᠶᠤᠴᠢᠯᠠᠭᠴᠢ ᠶᠢᠨ ᠭᠠᠷ ᠤᠨ ᠥᠰᠥᠭ ᠨᠢ | ᠡᠷᠬᠡᠪᠰᠢ ︽ᠦᠨᠡᠮᠯᠡᠯ ᠭᠠᠷᠳᠠᠭᠴᠢ ᠶᠢᠨ | ᠭᠠᠷ ᠤᠨ ᠥᠰᠥᠭ︾ ᠲᠠᠢ ᠠᠳᠠᠯᠢᠬᠠᠨ ᠪᠠᠶᠢᠬᠤ | ᠬᠡᠷᠡᠭᠲᠡᠶ᠂ ᠡᠰᠡ ᠲᠡᠭᠡᠪᠡᠯ ᠡᠯᠴᠢᠨ | ᠰᠠᠶᠢᠳ ᠤᠨ ᠶᠠᠮᠤᠨ ᠠᠴᠠ ᠸᠢᠰᠠ ᠣᠯᠭᠤᠬᠤ | ᠲᠡᠪᠴᠢᠬᠦ ᠪᠤᠶᠤ ᠴᠢᠨᠠᠭᠰᠢᠯᠠᠪᠠᠯ ︽ᠬᠠᠷ᠎ᠠ | ᠲᠠᠩᠰᠠ︾ ᠳᠤ ᠣᠷᠣᠭᠤᠯᠵᠤ ᠮᠡᠳᠡᠨ᠎ᠡ᠃ | ᠵᠢᠷᠭᠤᠭ᠎ᠠ᠂ ᠶᠠᠮᠠᠷ ᠶᠠᠮᠠᠷ | ᠪᠠᠶᠢᠳᠠᠯ ᠳᠤ ᠭᠠᠳᠠᠭᠠᠳᠤ ᠳᠤ | ︵ᠬᠢᠯᠢ ᠠᠴᠠ︶ ᠭᠠᠷᠬᠤ ᠭᠡᠷᠡᠴᠢ ᠭᠠᠷᠭᠠᠵᠤ | ᠥᠭᠭᠦᠪᠡᠯ ᠰᠠᠶ᠋ᠢ ᠬᠢᠯᠢ ᠠᠴᠠ ᠭᠠᠷᠴᠤ ᠪᠣᠯᠬᠤ | ᠪᠣᠶ︖ | ᠬᠠᠷᠢᠭᠤᠯᠲᠠ᠄ ᠠᠯᠪᠠᠨ ᠶᠠᠪᠤᠳᠠᠯ ᠤᠨ | ᠫᠠᠰᠫᠣᠷᠲ ᠲᠠᠢ ᠬᠥᠮᠦᠨ ᠸᠢᠰᠠ ᠠᠪᠬᠤ ᠥᠬᠡᠶ᠂ | ᠬᠦᠷᠦᠭᠰᠡᠨ ᠭᠠᠵᠠᠷ ᠤᠨ ᠸᠢᠰᠠ ᠠᠪᠬᠤ ᠦᠭᠡᠢ | ᠵᠢᠴᠢ ᠴᠠᠭᠠᠰᠤ ᠨᠠᠭᠠᠬᠤ ᠦᠭᠡᠢ ᠡᠯᠧᠺᠲᠷᠣᠨ ᠤ | ᠲᠥᠷᠥᠯ ᠤᠨ ᠸᠢᠰᠠ ᠠᠪᠬᠤ ᠥᠬᠡᠶ ᠤᠯᠤᠰ ᠲᠤ | ᠣᠴᠢᠬᠤ ᠪᠤᠶᠤ ᠸᠢᠰᠠ ᠶᠢᠨ ᠴᠢᠳᠠᠮᠵᠢ ᠥᠬᠡᠶ | ᠤᠯᠤᠰ ᠲᠤ ᠠᠯᠪᠠᠨ ᠶᠠᠪᠤᠳᠠᠯ ᠤᠨ | ᠠᠶᠢᠯᠴᠢᠯᠠᠯᠲᠠ ᠬᠢᠬᠦ ᠳᠤ ᠲᠣᠮᠢᠯᠠᠭᠰᠠᠨ | ᠨᠢᠭᠡᠴᠡ ᠠᠴᠠ ᠭᠠᠳᠠᠭᠠᠳᠤ ᠳᠤ | ︵ᠬᠢᠯᠢ ᠡᠴᠡ︶ ᠭᠠᠷᠬᠤ ᠭᠡᠷᠡᠴᠢ ᠶᠢ | ᠤᠷᠢᠳᠴᠢᠯᠠᠨ ᠬᠢᠵᠦ ᠥᠭᠬᠦ ᠬᠡᠷᠡᠭᠲᠡᠶ᠃ | ᠲᠤᠯᠤᠭ᠎ᠠ᠂ ᠶᠠᠭᠤ ᠶᠢ ᠥᠪᠡᠷ ᠢᠶᠠᠨ | ᠬᠦᠷᠭᠡᠵᠦ ᠥᠪᠡᠷ ᠢᠶᠠᠨ ᠠᠪᠬᠤ ᠭᠡᠬᠦ ᠪᠤᠢ︖ | ᠬᠠᠷᠢᠭᠤᠯᠲᠠ᠄ ᠠᠯᠪᠠᠨ ᠶᠠᠪᠤᠳᠠᠯ ᠠᠴᠠ | ᠪᠣᠯᠵᠤ ᠸᠢᠰᠠ ᠠᠪᠬᠤ ᠠᠵᠢᠯ ᠶᠠᠪᠤᠳᠠᠯ ᠢ | ᠬᠦᠢᠴᠡᠳᠭᠡᠬᠦ ᠨᠢᠭᠡᠴᠡ ᠶᠢᠨ ᠸᠢᠰᠠ ᠶᠢᠨ | ᠲᠤᠰᠬᠠᠶ ᠠᠵᠢᠯᠲᠠᠨ ᠭᠠᠳᠠᠭᠠᠳᠤ | ᠶᠠᠪᠤᠳᠠᠯ ᠤᠨ ᠶᠠᠮᠤᠨ ᠤ | ᠲᠠᠨᠢᠯᠴᠠᠭᠤᠯᠭ᠎ᠠ ᠶᠢᠨ ᠪᠢᠴᠢᠭ ᠢ ᠠᠪᠴᠤ | ᠡᠯᠴᠢᠨ ᠰᠠᠶᠢᠳ ᠤᠨ ᠶᠠᠮᠤᠨ ᠳᠤ ᠬᠦᠷᠴᠦ | ᠸᠢᠰᠠ ᠭᠤᠶᠤᠴᠢᠯᠠᠬᠤ ᠮᠠᠲᠸᠢᠷᠢᠶᠠᠯ ᠢᠶᠠᠨ | ᠬᠦᠷᠭᠡᠵᠦ ᠥᠭᠬᠦ ᠪᠠ ᠸᠢᠰᠠ ᠠᠪᠬᠤ ᠭᠠᠷ | ᠭᠦᠢᠴᠡᠳᠬᠡᠯ ᠢ ᠥᠪᠡᠷ ᠢᠶᠠᠨ ᠬᠢᠨ᠎ᠡ᠃ | ᠨᠠᠢᠮᠠ᠂ ᠶᠠᠮᠠᠷ ᠪᠠᠶᠢᠳᠠᠯ ᠳᠣᠣᠷ᠎ᠠ | ᠥᠪᠡᠷ ᠢᠶᠠᠨ ᠬᠦᠷᠭᠡᠵᠦ ᠥᠪᠡᠷ ᠢᠶᠠᠨ | ᠠᠪᠬᠤ ᠪᠠᠷ ᠭᠤᠶᠤᠴᠢᠯᠠᠵᠤ ᠪᠣᠯᠬᠤ ᠪᠤᠢ︖ | ᠬᠠᠷᠢᠭᠤᠯᠲᠠ᠄ ᠮᠣᠷᠳᠠᠵᠤ ᠭᠠᠷᠬᠤ ᠴᠠᠭ ᠨᠢ | ᠪᠠᠴᠢᠮ᠂ ᠺᠤᠨᠰᠦ᠋ᠯ ᠤᠨ ᠵᠤᠷᠭᠠᠨ ᠭᠠᠳᠠᠭᠰᠢ | ᠭᠠᠷᠴᠤ ᠠᠵᠢᠯ ᠶᠠᠪᠤᠳᠠᠯ ᠦᠢᠯᠡᠴᠢᠯᠡᠭᠡ ᠶᠢ | ᠵᠣᠬᠢᠴᠠᠭᠤᠯᠬᠤ ᠳᠤ ᠪᠡᠷᠬᠡᠲᠡᠶ | ᠪᠠᠶᠢᠳᠠᠯ ᠤᠨ ᠳᠣᠣᠷ᠎ᠠ᠂ ᠭᠠᠵᠠᠷ ᠤᠨ | ᠤᠳᠤᠷᠢᠳᠤᠯᠭ᠎ᠠ ᠪᠠᠷ | ᠵᠥᠪᠰᠢᠶᠡᠷᠡᠭᠦᠯᠦᠭᠰᠡᠨ ᠤ ᠳᠠᠷᠠᠭ᠎ᠠ | ᠲᠤᠰᠬᠠᠶ ᠠᠵᠢᠯᠲᠠᠨ ᠠᠴᠠ ᠭᠤᠶᠤᠴᠢᠯᠠᠯ | ᠭᠠᠷᠭᠠᠨ᠎ᠠ᠃ ᠵᠠᠷᠴᠢᠮ ᠳᠡᠭᠡᠷ᠎ᠡ ᠪᠠᠨ | ᠲᠤᠰᠬᠠᠶ ᠠᠵᠢᠯᠲᠠᠨ ᠲᠠᠨᠢᠯᠴᠠᠭᠤᠯᠭ᠎ᠠ ᠶᠢᠨ | ᠪᠢᠴᠢᠭ᠂ ᠲᠤᠰᠬᠠᠶ ᠠᠵᠢᠯᠲᠠᠨ ᠦ | ︽ᠸᠢᠰᠠ︾ ᠶᠢᠨ ᠠᠵᠢᠯ ᠶᠠᠪᠤᠳᠠᠯ ᠤᠨ | ᠲᠤᠰᠬᠠᠢ ᠺᠠᠷᠲ ᠵᠢᠴᠢ ᠬᠣᠯᠪᠤᠭᠳᠠᠯ ᠪᠥᠬᠦᠶ | ᠮᠠᠲ᠋ᠧᠷᠢᠶᠠᠯ ᠢ ᠠᠪᠴᠤ ᠡᠯᠴᠢᠨ ᠰᠠᠶᠢᠳ ᠤᠨ | ᠶᠠᠮᠤᠨ ᠳᠤ ᠬᠦᠷᠭᠡᠵᠦ᠂ ᠸᠢᠰᠠ ᠭᠠᠷᠭᠠᠨ | ᠠᠪᠤᠨ᠎ᠠ᠃ | ᠶᠢᠰᠦ᠂ ᠠᠯᠪᠠᠨ ᠶᠠᠪᠤᠳᠠᠯ᠂ ᠬᠤᠪᠢ ᠶᠢᠨ | ᠶᠠᠪᠤᠳᠠᠯ ᠤᠨ ᠫᠠᠰᠫᠣᠷᠲ ᠢᠶᠠᠷ ᠸᠢᠰᠠ | ᠭᠤᠶᠤᠴᠢᠯᠠᠬᠤ ᠳᠤ ᠬᠤᠯᠢᠯᠳᠤᠭᠤᠯᠤᠨ | ᠬᠦᠷᠭᠡᠵᠦ ᠪᠣᠯᠤᠨ᠎ᠠ ᠤᠤ ᠦᠭᠡᠢ ᠤᠤ︖ | ᠬᠠᠷᠢᠭᠤᠯᠲᠠ᠄ ᠠᠯᠪᠠᠨ ᠶᠠᠪᠤᠳᠠᠯ | ᠭᠦᠢᠴᠡᠳᠬᠡᠬᠦ ᠬᠦᠮᠦᠨ ᠲᠦᠷ ᠴᠠᠭ | ᠭᠠᠳᠠᠭᠠᠳᠤ ᠳᠤ ᠭᠠᠷᠴᠤ ᠠᠯᠪᠠᠨ ᠶᠠᠪᠤᠳᠠᠯ | ᠭᠦᠢᠴᠡᠳᠬᠡᠬᠦ ᠳᠤ ᠠᠯᠪᠠᠨ ᠶᠠᠪᠤᠳᠠᠯ ᠤᠨ | ᠫᠠᠰᠫᠣᠷᠲ ᠲᠠᠢ ᠪᠠᠶᠢᠬᠤ ᠬᠡᠷᠡᠭᠲᠡᠶ᠂ | ᠠᠯᠪᠠᠨ ᠶᠠᠪᠤᠳᠠᠯ ᠬᠤᠪᠢ ᠶᠢᠨ | ᠶᠠᠪᠤᠳᠠᠯ ᠤᠨ ᠫᠠᠰᠫᠣᠷᠲ ᠤᠨ | ᠭᠤᠶᠤᠴᠢᠯᠠᠯ ᠢ ᠬᠤᠯᠢᠯᠳᠤᠭᠤᠯᠤᠨ | ᠬᠦᠷᠭᠡᠬᠦ ᠶᠢ ᠵᠠᠷᠴᠢᠮ ᠳᠡᠭᠡᠷ᠎ᠡ ᠪᠠᠨ | ᠬᠦᠯᠢᠶᠡᠨ ᠠᠪᠴᠤ ᠰᠢᠢᠳᠪᠦᠷᠢᠯᠡᠬᠦ ᠦᠭᠡᠶ᠂ | ᠳᠤᠮᠳᠠᠳᠤ ᠤᠯᠤᠰ ᠲᠤ ᠰᠠᠭᠤᠭ᠎ᠠ | ᠭᠠᠳᠠᠭᠠᠳᠤ ᠶᠢᠨ ᠡᠯᠴᠢᠨ ᠰᠠᠶᠢᠳ ᠤᠨ ᠶᠠᠮᠤᠨ | ᠴᠤ ᠶᠡᠷᠦ ᠳᠡᠭᠡᠨ ᠠᠯᠪᠠᠨ ᠶᠠᠪᠤᠳᠠᠯ | ᠬᠤᠪᠢ ᠶᠢᠨ ᠶᠠᠪᠤᠳᠠᠯ ᠤᠨ ᠬᠢ ᠶᠢ | ᠬᠤᠯᠢᠯᠳᠤᠭᠤᠯᠤᠨ ᠬᠦᠷᠭᠡᠬᠦ ᠭᠤᠶᠤᠴᠢᠯᠠᠯ ᠢ | ᠬᠦᠯᠢᠶᠡᠨ ᠠᠪᠬᠤ ᠦᠭᠡᠶ᠃ | ᠠᠷᠪᠠ᠂ ᠭᠠᠳᠠᠭᠠᠳᠤ ᠤᠯᠤᠰ ᠲᠤ ᠣᠴᠢᠵᠤ | ᠨᠠᠶᠢᠵᠠ ᠨᠥᠬᠦᠳ ᠲᠠᠢ ᠪᠠᠨ ᠵᠣᠯᠭᠠᠬᠤ ᠳᠤ᠂ | ᠥᠪᠡᠷᠲᠡᠭᠡᠨ ᠵᠠᠰᠠᠬᠤ ᠣᠷᠣᠨ ᠤ ᠭᠠᠳᠠᠭᠠᠳᠤ | ᠶᠠᠪᠤᠳᠠᠯ ᠤᠨ ᠠᠯᠪᠠᠨ ᠭᠡᠷ ᠠᠴᠠ ᠸᠢᠰᠠ ᠶᠢ | ᠣᠷᠣᠯᠠᠨ ᠭᠦᠢᠴᠡᠳᠬᠡᠵᠦ ᠪᠣᠯᠤᠨ᠎ᠠ ᠤᠤ︖ | ᠬᠠᠷᠢᠭᠤᠯᠲᠠ᠄ ᠥᠪᠡᠷᠲᠡᠭᠡᠨ ᠵᠠᠰᠠᠬᠤ | ᠣᠷᠣᠨ ᠤ ᠭᠠᠳᠠᠭᠠᠳᠤ ᠶᠠᠪᠤᠳᠠᠯ ᠤᠨ ᠠᠯᠪᠠᠨ | ᠬᠡᠷ ᠵᠠᠷᠴᠢᠮ ᠳᠡᠭᠡᠷ᠎ᠡ ᠪᠠᠨ ᠵᠥᠪᠬᠡᠨ | ᠠᠯᠪᠠᠨ ᠶᠠᠪᠤᠳᠠᠯ ᠤᠨ | ᠫᠠᠰᠫᠣᠷᠲ ᠢᠶᠠᠷ ᠢᠶᠠᠨ ᠭᠠᠳᠠᠭᠠᠳᠤ ᠳᠤ | ᠠᠯᠪᠠᠨ ᠶᠠᠪᠤᠳᠠᠯ ᠭᠦᠢᠴᠡᠳᠭᠡᠬᠦ ᠪᠡᠷ ᠣᠴᠢᠬᠤ | ᠬᠦᠮᠦᠨ ᠬᠦᠮᠦᠨ ᠳᠦ ᠸᠢᠰᠠ ᠶᠢ ᠣᠷᠣᠯᠠᠨ | ᠭᠦᠢᠴᠡᠳᠬᠡᠵᠦ ᠦᠭᠭᠦᠨ᠎ᠡ᠃ ᠡ᠊ᠩ ᠤᠨ ᠠᠷᠠᠳ | ᠲᠦᠷᠦᠯ ᠰᠠᠳᠤᠨ ᠢᠶᠠᠨ ᠡᠷᠭᠢᠵᠦ ᠦᠵᠡᠬᠦ᠂ | ᠨᠠᠶᠢᠵᠠ ᠨᠥᠬᠦᠳ ᠲᠠᠢ ᠵᠣᠯᠭᠠᠬᠤ ᠪᠡᠷ | ᠣᠴᠢᠬᠤ᠂ ᠵᠤᠭᠠᠴᠠᠨ ᠲᠣᠭᠤᠷᠢᠬᠤ᠂ | ᠭᠠᠳᠠᠭᠠᠳᠤ ᠳᠤ ᠭᠠᠷᠴᠤ ᠰᠤᠷᠤᠯᠴᠠᠬᠤ | ᠬᠥᠳᠡᠯᠮᠦᠷᠢ ᠶᠢᠨ ᠶᠠᠪᠤᠳᠠᠯ ᠵᠡᠷᠭᠡ | ᠵᠣᠷᠢᠯᠭ᠎ᠠ ᠪᠠᠷ ᠭᠠᠳᠠᠭᠠᠳᠤ ᠳᠤ | ᠭᠠᠷᠬᠤ ᠳᠤ᠂ ᠲᠡᠭᠦᠨ ᠤ ᠭᠠᠳᠠᠭᠠᠳᠤ ᠳᠤ | ᠭᠠᠷᠬᠤ ᠬᠠᠷᠠᠭᠠᠯᠵᠠᠭᠰᠠᠨ ᠭᠠᠷ | ᠭᠦᠢᠴᠡᠳᠬᠡᠯ ᠢ ᠭᠤᠶᠤᠴᠢᠯᠠᠭᠴᠢ | ᠥᠪᠡᠷ ᠢᠶᠠᠨ ᠭᠦᠢᠴᠡᠳᠬᠡᠨ᠎ᠡ᠃ | ᠢᠷᠡᠯᠲᠡ᠄ ᠬᠤᠲᠠ ᠶᠢᠨ ᠭᠠᠳᠠᠭᠠᠳᠤ | ᠶᠠᠪᠤᠳᠠᠯ ᠤᠨ ᠠᠯᠪᠠᠨ ᠬᠡᠷ |