ᠬᠤᠲᠣᠩ ᠠᠷᠠᠳ ᠤᠨ ᠲᠣᠭᠤᠷᠢᠭ ᠤᠨ ᠡᠮ ᠡᠮᠨᠡᠯᠭᠡ ᠶᠢᠨ ᠳᠠᠭᠠᠳᠬᠠᠯ ᠤᠨ ᠦᠢᠯᠡᠴᠢᠯᠡᠭᠡᠨ ᠤ ᠲᠥᠪ ︽ᠠᠭᠤᠯᠵᠠᠬᠤ ᠦᠭᠡᠢ︾ ᠪᠠᠶᠢᠵᠤ ᠡᠮ ᠡᠮᠨᠡᠯᠭᠡ ᠶᠢᠨ ᠳᠠᠭᠠᠳᠬᠠᠯ ᠤᠨ ᠲᠤᠬᠠᠶᠢᠯᠠᠭᠰᠠᠨ ᠠᠵᠢᠯ ᠢ ᠵᠢᠩᠬᠢᠨᠢ ᠪᠠᠢ ᠡᠬᠢᠯᠡᠭᠦᠯᠪᠡ
ᠨᠡᠶᠢᠲᠡᠯᠡᠭᠰᠡᠨ ᠴᠠᠭ᠄
2022/12/12
      ᠬᠢᠵᠢᠭ ᠤᠨ ᠪᠠᠶᠢᠳᠠᠯ ᠤᠨ ᠨᠥᠯᠥᠭᠡ ᠠᠴᠠ ᠪᠣᠯᠵᠤ᠂ ᠥᠷᠭᠡᠨ ᠣᠯᠠᠨ ᠰᠠᠭᠤᠭᠠᠯᠢ ᠠᠷᠠᠳ ᠤᠨ ᠭᠡᠷ ᠡᠷᠦᠬᠡ ᠠᠴᠠ ᠪᠠᠨ ᠭᠠᠷᠬᠤ ᠦᠭᠡᠢ ᠪᠠᠷ ᠡᠮ ᠡᠮᠨᠡᠯᠭᠡ ᠶᠢᠨ ᠳᠠᠭᠠᠳᠬᠠᠯ ᠤᠨ ᠲᠤᠬᠠᠶᠢᠯᠠᠭᠰᠠᠨ ᠠᠵᠢᠯ ᠢᠶᠠᠨ ᠭᠦᠢᠴᠡᠳᠬᠡᠬᠦ ᠳᠤ ᠲᠥᠬᠦᠮ ᠦᠵᠡᠭᠦᠯᠬᠦ ᠶᠢᠨ ᠲᠥᠯᠥᠭᠡ᠂ ᠬᠤᠲᠣᠩ ᠠᠷᠠᠳ ᠤᠨ ᠲᠣᠭᠤᠷᠢᠭ ᠤᠨ ᠡᠮ ᠡᠮᠨᠡᠯᠭᠡ ᠶᠢᠨ ᠳᠠᠭᠠᠳᠬᠠᠯ ᠤᠨ ᠦᠢᠯᠡᠴᠢᠯᠡᠭᠡᠨ ᠤ ᠲᠥᠪ ᠠᠴᠠ ︽ᠨᠢᠭᠡ ᠪᠠᠯᠭᠠᠰᠤ ᠲᠤᠯᠤᠭᠠᠨ ᠠᠯᠪᠠᠨ ᠭᠡᠷ ᠨᠢᠭᠡ ᠲᠥᠪ︾ ᠤᠨ ᠡᠮ ᠡᠮᠨᠡᠯᠭᠡ ᠶᠢᠨ ᠳᠠᠭᠠᠳᠬᠠᠯ ᠤᠨ ᠰᠠᠯᠠᠭ᠎ᠠ ᠮᠥᠴᠢᠷ ᠢ ᠵᠣᠬᠢᠶᠠᠨ ᠪᠠᠶᠢᠭᠤᠯᠵᠤ᠂ ᠰᠦᠯᠵᠢᠶᠡᠨ ᠳᠡᠭᠡᠷ᠎ᠡ ᠭᠠᠷᠲᠠᠨ ᠭᠦᠢᠴᠡᠳᠬᠡᠬᠦ ᠲᠤᠬᠠᠶᠢᠯᠠᠭᠰᠠᠨ ᠠᠵᠢᠯ ᠤᠨ ᠵᠠᠭᠪᠤᠷ ᠢ ᠡᠬᠢᠯᠡᠭᠦᠯᠵᠦ᠂ ᠰᠠᠭᠤᠭᠠᠯᠢ ᠠᠷᠠᠳ ᠲᠠᠢ ︽ᠠᠭᠤᠯᠵᠠᠬᠤ ᠦᠭᠡᠢ ᠪᠠᠷ ᠰᠡᠳᠬᠢᠯ ᠢ ᠳᠤᠯᠠᠭᠠᠴᠠᠭᠤᠯᠬᠤ︾ ᠶᠢ ᠪᠡᠶᠡᠯᠡᠭᠦᠯᠵᠡᠢ᠃      ᠡᠮ ᠡᠮᠨᠡᠯᠭᠡ ᠶᠢᠨ ᠳᠠᠭᠠᠳᠬᠠᠯ ᠤᠨ ᠵᠦᠢᠯᠡᠰ ᠢ ᠰᠦᠯᠵᠢᠶᠡᠨ ᠳᠡᠭᠡᠷ᠎ᠡ ᠭᠦᠢᠴᠡᠳᠬᠡᠬᠦ ᠶᠠᠪᠤᠴᠠ ᠳᠤ᠂ ᠥᠷᠭᠡᠨ ᠣᠯᠠᠨ ᠰᠠᠭᠤᠭᠠᠯᠢ ᠠᠷᠠᠳ ᠥᠪᠡᠰᠦᠪᠡᠨ ᠭᠠᠷ ᠤᠲᠠᠰᠤ app ᠪᠠᠷ ᠡᠮ ᠡᠮᠨᠡᠯᠭᠡ ᠶᠢᠨ ᠳᠠᠭᠠᠳᠬᠠᠯ ᠢ ᠭᠦᠢᠴᠡᠳᠬᠡᠵᠦ ᠪᠣᠯᠬᠤ ᠪᠥᠭᠡᠳ ᠪᠠᠰᠠ ᠰᠢᠤᠳᠠᠨ ᠤ ᠬᠠᠶᠢᠷᠴᠠᠭ ᠢᠶᠠᠷ ᠭᠦᠢᠴᠡᠳᠬᠡᠵᠦ ᠪᠣᠯᠣᠨ᠎ᠠ᠃ ᠲᠣᠰ ᠤᠳᠠᠭᠠᠨ ᠤ ᠲᠤᠬᠠᠶᠢᠯᠠᠭᠰᠠᠨ ᠠᠵᠢᠯ ᠢ ᠡᠬᠢᠯᠡᠭᠦᠯᠦᠭᠰᠡᠨ ᠨᠢ ᠰᠠᠭᠤᠭᠠᠯᠢ ᠠᠷᠠᠳ ᠤᠨ ᠡᠮ ᠡᠮᠨᠡᠯᠭᠡ ᠶᠢᠨ ᠳᠠᠭᠠᠳᠬᠠᠯ ᠢ ᠭᠦᠢᠴᠡᠳᠬᠡᠬᠦ ᠳᠤ ᠲᠥᠬᠦᠮ ᠦᠵᠡᠭᠦᠯᠦᠭᠰᠡᠨ ᠮᠥᠷᠲᠡᠭᠡᠨ ᠡᠮ ᠡᠮᠨᠡᠯᠭᠡ ᠶᠢᠨ ᠳᠠᠭᠠᠳᠬᠠᠯ ᠤᠨ ᠲᠤᠬᠠᠶᠢᠯᠠᠭᠰᠠᠨ ᠠᠵᠢᠯ ᠤᠨ ᠬᠢᠵᠢᠭ ᠤᠨ ᠪᠠᠶᠢᠳᠠᠯ ᠤᠨ ᠬᠤᠭᠤᠴᠠᠭᠠᠨ ᠳᠠᠬᠢ ᠬᠡᠪ ᠤᠨ ᠡᠷᠭᠢᠯᠲᠡ ᠶᠢ ᠴᠦ ᠪᠠᠲᠤᠯᠠᠵᠤ᠂ ᠡᠮ ᠡᠮᠨᠡᠯᠭᠡ ᠶᠢᠨ ᠳᠠᠭᠠᠳᠬᠠᠯ ᠢ ᠭᠦᠢᠴᠡᠳᠬᠡᠬᠦ ᠶᠢᠨ ᠰᠢᠨ᠎ᠡ ᠠᠷᠭ᠎ᠠ ᠬᠡᠮᠵᠢᠶ᠎ᠡ ᠪᠣᠯᠣᠨ᠎ᠠ᠃      ᠪᠣᠳᠠᠲᠠᠢ ᠭᠦᠢᠴᠡᠳᠬᠡᠵᠦ ᠪᠣᠯᠬᠤ ᠡᠮ ᠡᠮᠨᠡᠯᠭᠡ ᠶᠢᠨ ᠳᠠᠭᠠᠳᠬᠠᠯ ᠤᠨ ᠲᠤᠬᠠᠶᠢᠯᠠᠭᠰᠠᠨ ᠠᠵᠢᠯ ᠳᠤ ᠭᠤᠷᠪᠠᠨ ᠵᠦᠢᠯ ᠪᠣᠶ᠂ ᠡᠭᠦᠨ ᠳᠤ᠄ 1. ᠰᠠᠭᠤᠭᠠᠯᠢ ᠠᠷᠠᠳ ᠤᠨ ᠡᠮ ᠡᠮᠨᠡᠯᠭᠡ ᠶᠢᠨ ᠳᠠᠭᠠᠳᠬᠠᠯ ᠤᠨ ᠲᠤᠬᠠᠶᠢᠯᠠᠭᠰᠠᠨ ᠠᠵᠢᠯ᠄ ᠬᠤᠲᠠ ᠬᠥᠳᠡᠭᠡ ᠶᠢᠨ ᠰᠠᠭᠤᠭᠠᠯᠢ ᠠᠷᠠᠳ ᠤᠨ ᠡᠮ ᠡᠮᠨᠡᠯᠭᠡ ᠶᠢᠨ ᠳᠠᠭᠠᠳᠬᠠᠯ ᠳᠤ ᠰᠢᠨ᠎ᠡ ᠪᠠᠷ ᠣᠷᠤᠯᠴᠠᠬᠤ᠂ ᠦᠷᠭᠦᠯᠵᠢᠯᠡᠨ ᠳᠠᠭᠠᠳᠬᠠᠬᠤ ᠶᠢ ᠬᠢᠨᠠᠨ ᠲᠣᠭᠲᠠᠭᠠᠬᠤ᠂ ᠳᠠᠭᠠᠳᠬᠠᠯ ᠢ ᠵᠣᠭᠰᠤᠭᠠᠬᠤ︔ ᠰᠠᠶ᠋ᠢ ᠲᠥᠷᠥᠭᠰᠡᠨ ᠬᠡᠦᠬᠡᠳ ᠤᠨ ᠡᠮ ᠡᠮᠨᠡᠯᠭᠡ ᠶᠢᠨ ᠳᠠᠭᠠᠳᠬᠠᠯ ᠤᠨ ᠰᠢᠨ᠎ᠡ ᠣᠷᠬᠤᠳᠠᠢ ᠶᠢ ᠬᠢᠨᠠᠨ‌ᠣᠨᠳᠣᠣ ᠭᠠᠵᠠᠷ ᠲᠤ ᠡᠮᠨᠡᠭᠦᠯᠬᠦ ᠶᠢ ᠳᠠᠩᠰᠠᠯᠠᠭᠤᠯᠤᠨ᠎ᠠ︔ 2. ᠠᠮᠢᠳᠤᠯᠢᠭ ᠢᠶᠠᠷ ᠠᠵᠢᠯ ᠣᠯᠣᠭᠰᠠᠳ ᠤᠨ ᠲᠤᠬᠠᠶᠢᠯᠠᠭᠰᠠᠨ ᠠᠵᠢᠯ᠄ ᠠᠮᠢᠳᠤᠯᠢᠭ ᠢᠶᠠᠷ ᠠᠵᠢᠯ ᠣᠯᠣᠭᠰᠠᠳ ᠤᠨ ᠰᠢᠨ᠎ᠡ ᠪᠠᠷ ᠣᠷᠤᠯᠴᠠᠬᠤ᠂ ᠦᠷᠭᠦᠯᠵᠢᠯᠡᠨ ᠳᠠᠭᠠᠳᠬᠠᠬᠤ ᠶᠢ ᠬᠢᠨᠠᠨ ᠲᠣᠭᠲᠠᠭᠠᠬᠤ᠂ ᠳᠠᠭᠠᠳᠬᠠᠯ ᠢ ᠵᠣᠭᠰᠤᠭᠠᠬᠤ ᠶᠢ ᠬᠢᠨᠠᠨ ᠲᠣᠭᠲᠠᠭᠠᠬᠤ︔ ᠠᠵᠢᠯᠲᠠᠨ ᠠᠵᠢᠯᠴᠢᠨ ᠤ ᠡᠮ ᠡᠮᠨᠡᠯᠭᠡ ᠶᠢᠨ ᠳᠠᠭᠠᠳᠬᠠᠯ ᠢ ᠠᠵᠢᠯ ᠠᠴᠠ ᠪᠠᠨ ᠪᠠᠭᠤᠵᠤ ᠠᠮᠠᠷᠠᠭᠰᠠᠨ ᠤ ᠳᠠᠷᠠᠭ᠎ᠠ ᠣᠨᠳᠣᠣ ᠭᠠᠵᠠᠷ ᠲᠤ ᠡᠮᠨᠡᠭᠦᠯᠬᠦ ᠶᠢ ᠳᠠᠩᠰᠠᠯᠠᠭᠤᠯᠤᠨ᠎ᠠ︔ 3.ᠡᠮᠨᠡᠯᠭᠡ ᠶᠢᠨ ᠳᠠᠭᠠᠳᠬᠠᠯ ᠤᠨ ᠲᠤᠬᠠᠶᠢᠯᠠᠭᠰᠠᠨ ᠠᠵᠢᠯ ᠤᠨ ᠯᠠᠪᠯᠠᠯᠭ᠎ᠠ᠃      ᠠᠮᠢᠳᠤᠯᠢᠭ ᠢᠶᠠᠷ ᠠᠵᠢᠯ ᠣᠯᠣᠭᠰᠠᠳ ᠤᠨ ᠲᠤᠬᠠᠢ᠂ ᠬᠢᠵᠢᠭ ᠤᠨ ᠪᠠᠶᠢᠳᠠᠯ ᠤᠨ ᠬᠤᠭᠤᠴᠠᠭᠠᠨ ᠳᠤ᠂ ᠬᠤᠲᠠ ᠶᠢᠨ ᠠᠮᠢᠳᠤᠯᠢᠭ ᠢᠶᠠᠷ ᠠᠵᠢᠯ ᠣᠯᠣᠭᠰᠠᠳ ᠤᠨ ᠰᠦᠢᠳᠬᠡᠯ ᠲᠤᠰᠢᠶᠠᠬᠤ ᠶᠢ ᠬᠢᠨᠠᠨ ᠲᠣᠭᠲᠠᠭᠠᠬᠤ ᠲᠤᠬᠠᠢ ᠰᠢᠨ᠎ᠡ ᠲᠥᠷᠥ ᠶᠢᠨ ᠪᠣᠳᠣᠯᠭ᠎ᠠ ᠶᠢ ᠦᠨᠳᠦᠰᠦᠯᠡᠨ᠂ ᠲᠣᠭᠲᠠᠭᠠᠭᠰᠠᠨ ᠨᠢ᠄ ᠬᠤᠲᠠ ᠪᠠᠯᠭᠠᠰᠤᠨ ᠤ ᠠᠵᠢᠯᠲᠠᠨ ᠠᠵᠢᠯᠴᠢᠨ ᠤ ᠠᠮᠢᠳᠤᠯᠢᠭ ᠢᠶᠠᠷ ᠠᠵᠢᠯ ᠣᠯᠣᠭᠰᠠᠳ ᠤᠨ 2022 ᠣᠨ ᠤ 7 ᠳ᠋ᠤᠭᠠᠷ ᠰᠠᠷ᠎ᠠ ᠠᠴᠠ 2023 ᠣᠨ ᠤ 6 ᠳ᠋ᠤᠭᠠᠷ ᠰᠠᠷ᠎ᠠ ᠪᠣᠯᠲᠠᠯᠠᠬᠢ ᠡᠮ ᠡᠮᠨᠡᠯᠭᠡ ᠶᠢᠨ ᠳᠠᠭᠠᠳᠬᠠᠯ ᠤᠨ ᠰᠦᠢᠳᠬᠡᠯ ᠲᠤᠰᠢᠶᠠᠬᠤ ᠬᠤᠭᠤᠴᠠᠭ᠎ᠠ ᠶᠢ 2022 ᠣᠨ ᠤ 12 ᠳ᠋ᠤᠭᠠᠷ ᠰᠠᠷ᠎ᠠ ᠶᠢᠨ 31 ᠤ ᠡᠳᠦᠷ ᠪᠠᠶᠢᠭᠰᠠᠨ ᠠᠴᠠ 2023 ᠣᠨ ᠤ 3 ᠳ᠋ᠤᠭᠠᠷ ᠰᠠᠷ᠎ᠠ ᠶᠢᠨ 31 ᠤ ᠡᠳᠦᠷ ᠪᠣᠯᠲᠠᠯ᠎ᠠ ᠤᠷᠲᠤᠳᠬᠠᠵᠤ᠂ 8% ᠶᠢᠨ ᠰᠦᠢᠳᠬᠡᠯ ᠲᠤᠰᠢᠶᠠᠬᠤ ᠬᠠᠷᠢᠴᠠᠯ ᠢᠶᠠᠷ ᠦᠷᠭᠦᠯᠵᠢᠯᠡᠨ ᠪᠦᠬᠦᠯᠢ ᠵᠢᠯ ᠲᠤᠰᠢᠶᠠᠪᠠᠯ᠂ ︽ᠥᠪᠥᠷ ᠮᠣᠩᠭᠤᠯ ᠤᠨ ᠭᠠᠶᠢᠯᠢ ᠶᠢᠨ ᠶᠠᠪᠤᠳᠠᠯ ᠨᠡᠶᠢᠭᠡᠮ ᠤᠨ ᠳᠠᠭᠠᠳᠬᠠᠯ ᠤᠨ ᠰᠦᠢᠳᠬᠡᠯ ᠲᠤᠰᠢᠶᠠᠬᠤ︾ ᠸᠢᠴᠠᠲ ᠤᠨ ᠵᠢᠵᠢᠭ ᠫᠷᠣᠭ᠍ᠷᠠᠮ ᠢᠶᠠᠷ ᠳᠠᠮᠵᠢᠭᠤᠯᠤᠨ ᠪᠡᠶ᠎ᠡ ᠪᠠᠨ ᠳᠠᠭᠠᠭᠠᠵᠤ ᠰᠦᠢᠳᠬᠡᠯ ᠲᠤᠰᠢᠶᠠᠵᠤ ᠪᠡᠶ᠎ᠡ ᠪᠠᠨ ᠳᠠᠭᠠᠭᠠᠵᠤ ᠰᠦᠢᠳᠬᠡᠯ ᠲᠤᠰᠢᠶᠠᠬᠤ ᠮᠡᠳᠡᠭᠡ ᠵᠠᠩᠭᠢ ᠦᠭᠡᠢ᠂ ᠰᠦᠢᠳᠬᠡᠯ ᠲᠤᠰᠢᠶᠠᠬᠤ ᠬᠤᠭᠤᠴᠠᠭ᠎ᠠ ᠨᠢ ᠨᠢᠭᠡ ᠵᠢᠯ ᠬᠦᠷᠬᠦ ᠦᠭᠡᠢ ᠪᠤᠶᠤ 5% ᠶᠢᠨ ᠬᠠᠷᠢᠴᠠᠯ ᠢᠶᠠᠷ ᠰᠦᠢᠳᠬᠡᠯ ᠲᠤᠰᠢᠶᠠᠪᠠᠯ ︵ᠠᠰ ᠲᠤᠨᠢ ᠪᠠᠶᠢᠭᠤᠯᠬᠤ ᠶᠢ ᠨᠢᠭᠡᠳᠦᠯᠲᠡᠢ ᠲᠥᠯᠥᠪᠯᠡᠬᠦ︶᠂ ᠳᠠᠭᠠᠳᠬᠠᠯ ᠳᠤ ᠣᠷᠤᠯᠴᠠᠬᠤ ᠶᠢ ᠬᠢᠨᠠᠨ ᠲᠣᠭᠲᠠᠭᠠᠭᠰᠠᠨ ᠤ ᠳᠠᠷᠠᠭ᠎ᠠ᠂ ᠳᠠᠬᠢᠨ ︽ᠥᠪᠥᠷ ᠮᠣᠩᠭᠤᠯ ᠤᠨ ᠭᠠᠶᠢᠯᠢ ᠶᠢᠨ ᠶᠠᠪᠤᠳᠠᠯ ᠤᠨ ᠨᠡᠶᠢᠭᠡᠮ ᠤᠨ ᠳᠠᠭᠠᠳᠬᠠᠯ ᠤᠨ ᠰᠦᠢᠳᠬᠡᠯ ᠲᠤᠰᠢᠶᠠᠬᠤ︾ ᠵᠢᠵᠢᠭ ᠲᠠᠰ ᠳᠠᠷᠠᠭᠠᠯᠠᠯ ᠳᠤ ᠣᠷᠣᠭᠤᠯᠵᠤ ᠰᠦᠢᠳᠬᠡᠯ ᠲᠤᠰᠢᠶᠠᠬᠤ ᠬᠡᠷᠡᠭᠲᠡᠢ᠃      ᠣᠳᠣᠬᠠᠨ ᠳᠤ᠂ ᠡᠮ ᠡᠮᠨᠡᠯᠭᠡ ᠶᠢᠨ ᠳᠠᠭᠠᠳᠬᠠᠯ ᠤᠨ ᠲᠥᠪ ᠤᠨ ᠪᠦᠷᠢᠯᠳᠦᠭᠦᠨ ᠨᠠᠷ ᠬᠢᠵᠢᠭ ᠢ ᠰᠡᠷᠭᠡᠶᠢᠯᠡᠨ ᠬᠢᠵᠠᠭᠠᠷᠯᠠᠬᠤ ᠠᠵᠢᠯ ᠢ ᠰᠠᠶᠢᠲᠤᠷ ᠬᠢᠬᠦ ᠶᠢᠨ ᠬᠠᠮᠲᠤ᠂ ᠠᠷᠠᠳ ᠤᠨ ᠠᠮᠢᠳᠤᠷᠠᠯ ᠳᠤ ᠠᠩᠬᠠᠷᠤᠯ ᠲᠠᠯᠪᠢᠬᠤ ᠶᠢ ᠲᠡᠷᠢᠭᠦᠨ ᠪᠠᠶᠢᠷᠢᠨ ᠳᠤ ᠲᠠᠯᠪᠢᠵᠤ᠂ ᠣᠯᠠᠨ ᠲᠦᠮᠡᠨ ᠲᠠᠢ ᠨᠢᠭᠲᠠ ᠬᠠᠷᠢᠴᠠᠭ᠎ᠠ ᠲᠠᠢ ᠡᠮ ᠡᠮᠨᠡᠯᠭᠡ ᠶᠢᠨ ᠳᠠᠭᠠᠳᠬᠠᠯ ᠤᠨ ᠠᠰᠠᠭᠤᠳᠠᠯ ᠢ ᠰᠢᠢᠳᠪᠦᠷᠢᠯᠡᠵᠦ᠂ ᠣᠯᠠᠨ ᠲᠦᠮᠡᠨ ᠳᠤ ᠦᠨᠡᠨ ᠬᠦ ᠪᠣᠳᠠᠲᠠᠢ ᠶᠠᠪᠤᠳᠠᠯ ᠰᠠᠶᠢᠨ ᠶᠠᠪᠤᠳᠠᠯ ᠬᠢᠵᠦ ᠥᠭᠬᠦ ᠬᠡᠷᠡᠭᠲᠡᠢ᠃
 
ᠢᠷᠡᠯᠲᠡ᠄ ᠬᠤᠲᠤᠩ ᠠᠷᠠᠳ ᠤᠨ ᠲᠣᠭᠤᠷᠢᠭ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000611号-1号