| | 7 ᠳ᠋ᠤᠭᠠᠷ ᠰᠠᠷ᠎ᠠ ᠶᠢᠨ 14 ᠤ ᠡᠳᠦᠷ᠂ ᠰᠤᠷᠪᠤᠯᠵᠢᠯᠠᠭᠴᠢ ᠴᠢᠩ ᠱᠦᠢ ᠾᠧ ᠰᠢᠶᠠᠨ ᠤ ᠨᠠᠮ ᠤᠨ | ᠬᠤᠷᠢᠶᠠᠨ ᠤ ᠤᠬᠠᠭᠤᠯᠬᠤ ᠬᠡᠯᠲᠡᠰ ᠠᠴᠠ ᠣᠶᠢᠯᠠᠭᠠᠭᠰᠠᠨ ᠢᠶᠠᠷ᠂ 2022 ᠣᠨ ᠤ ᠯᠣᠣ ᠨᠢᠦ ᠸᠠᠨ ᠤ ᠬᠠᠲᠤᠨ | ᠭᠤᠣᠯ ᠤᠨ ᠵᠤᠨ ᠤ ᠨᠠᠶᠢᠷ ᠤᠨ ᠰᠢᠷᠢᠰ ᠠᠵᠢᠯᠯᠠᠭ᠎ᠠ 7 ᠳ᠋ᠤᠭᠠᠷ ᠰᠠᠷ᠎ᠠ ᠶᠢᠨ 23 ᠤ ᠡᠳᠦᠷ ᠠᠴᠠ 8 ᠳ᠋ᠤᠭᠠᠷ | ᠰᠠᠷ᠎ᠠ ᠶᠢᠨ 7 ᠤ ᠡᠳᠦᠷ ᠪᠣᠯᠲᠠᠯ᠎ᠠ ᠶᠠᠪᠤᠭᠳᠠᠬᠤ ᠪᠠᠷ ᠪᠣᠢ᠃ ᠠᠵᠢᠯᠯᠠᠭ᠎ᠠ ᠨᠢ ᠯᠣᠣ ᠨᠢᠦ ᠸᠠᠨ ᠤ ᠬᠠᠲᠤᠨ ᠭᠤᠣᠯ ᠤᠨ | ᠶᠡᠭᠡ ᠬᠠᠪᠴᠢᠯ ᠤᠨ ᠵᠢᠭᠤᠯᠴᠢᠯᠠᠯ ᠤᠨ ᠣᠷᠣᠨ ᠳᠤ ᠶᠠᠪᠤᠭᠳᠠᠨ᠎ᠠ᠃ | ᠠᠩᠬᠠᠳᠤᠭᠠᠷ ᠬᠤᠭᠤᠴᠠᠭᠠᠨ ᠤ ᠯᠣᠣ ᠨᠢᠦ ᠸᠠᠨ ᠤ ᠬᠠᠲᠤᠨ ᠭᠤᠣᠯ ᠤᠨ ᠵᠤᠨ ᠤ ᠨᠠᠶᠢᠷ ᠤᠨ ᠰᠢᠷᠢᠰ | ᠠᠵᠢᠯᠯᠠᠭ᠎ᠠ ᠶᠢ ᠬᠤᠶᠠᠷ ᠲᠠᠯᠠᠪᠠᠢ ᠬᠤᠪᠢᠶᠠᠪᠠ᠂ ᠡᠭᠦᠨ ᠳᠤ ᠯᠣᠣ ᠨᠢᠦ ᠸᠠᠨ ᠤ ᠬᠠᠲᠤᠨ ᠭᠤᠣᠯ ᠤᠨ ᠳᠠᠭᠤᠤ | ᠬᠦᠭᠵᠢᠮ ᠫᠢᠸᠤ᠋ ᠶᠢᠨ ᠨᠠᠶᠢᠷ ᠤᠨ ᠲᠠᠯᠠᠪᠠᠢ ᠪᠠ ᠯᠣᠣ ᠨᠢᠦ ᠸᠠᠨ ᠤ ᠭᠤᠣᠯ ᠤᠨ ᠬᠥᠪᠡᠭᠡᠨ ᠳᠤ ᠣᠳᠤᠳ ᠰᠣᠨᠢᠷᠬᠠᠬᠤ | ᠬᠡᠭᠡᠷ᠎ᠡ ᠶᠢᠨ ᠪᠠᠭᠤᠴᠠ ᠶᠢᠨ ᠨᠠᠶᠢᠷ ᠪᠠᠭᠲᠠᠵᠤ᠂ ᠭᠤᠶᠢᠳᠠ ᠦᠵᠡᠮᠵᠢ᠂ ᠰᠠᠶᠢᠨ ᠠᠷᠢᠬᠢ᠂ ᠠᠮᠲᠠᠲᠤ ᠢᠳᠡᠭᠡᠨ᠂ | ᠤᠷᠠᠯᠢᠭ ᠤᠨ ᠦᠵᠡᠭᠦᠯᠦᠯᠭᠡ᠂ ᠲᠠᠶᠢᠰᠠᠨ ᠤ ᠤᠷᠠᠯᠢᠭ ᠵᠡᠷᠭᠡ ᠪᠠᠷ ᠳᠠᠮᠵᠢᠭᠤᠯᠤᠨ ︽ᠢᠳᠡᠵᠦ ᠤᠤᠭᠤᠬᠤ᠂ ᠬᠤᠨᠤᠵᠤ | ᠬᠡᠪᠲᠡᠬᠦ᠂ ᠠᠶᠠᠯᠠᠵᠤ ᠲᠣᠭᠤᠷᠢᠬᠤ᠂ ᠵᠤᠭᠠᠴᠠᠵᠤ ᠨᠠᠭᠠᠳᠤᠬᠤ᠂ ᠶᠠᠭᠤᠮ᠎ᠠ ᠪᠠᠷᠠᠭ᠎ᠠ ᠬᠤᠳᠠᠯᠳᠤᠨ ᠠᠪᠬᠤ᠂ | ᠵᠤᠭᠠᠯᠠᠵᠤ ᠴᠡᠩᠬᠡᠯᠳᠦᠬᠦ︾ ᠶᠢ ᠬᠠᠮᠤᠷᠤᠭᠰᠠᠨ ᠬᠠᠮ ᠬᠡᠯᠪᠡᠷᠢ ᠶᠢᠨ ᠬᠠᠲᠤᠨ ᠭᠤᠣᠯ ᠤᠨ ᠵᠢᠭᠤᠯᠴᠢᠯᠠᠯ ᠢ ᠪᠣᠢ | ᠪᠣᠯᠭᠠᠨ᠎ᠠ᠃ | ᠵᠢᠭᠤᠯᠴᠢᠯᠠᠭᠴᠢᠳ ᠲᠤ ᠰᠠᠨᠠᠭᠤᠯᠬᠤ ᠨᠢ᠂ ᠠᠵᠢᠯᠯᠠᠭ᠎ᠠ ᠶᠢᠨ ᠲᠠᠯᠠᠪᠠᠶ ᠳᠤ ᠣᠷᠣᠬᠤ ᠳᠠᠭᠠᠨ ᠬᠦ᠋ᠬᠡᠬᠤᠲᠠ ᠶᠢᠨ | ᠺᠣᠳ᠋ ᠰᠢᠯᠭᠠᠬᠤ ᠳᠤ ᠬᠠᠮᠵᠢᠯᠴᠠᠨ᠂ ᠪᠡᠶ᠎ᠡ ᠶᠢᠨ ᠳᠤᠯᠠᠭᠠᠨ ᠢᠶᠠᠨ ᠬᠡᠮᠵᠢᠭᠦᠯᠵᠦ᠂ ᠠᠮᠠᠪᠴᠢ ᠵᠡᠭᠦᠵᠦ᠂ ᠨᠡᠶᠢᠭᠡᠮ ᠤᠨ | ᠬᠠᠷᠢᠯᠴᠠᠭᠠᠨ ᠤ ᠵᠠᠢ ᠶᠢ ᠪᠠᠲᠤᠯᠠᠬᠤ ᠬᠡᠷᠡᠭᠲᠡᠢ᠃ ᠬᠥᠬᠡᠬᠤᠲᠠ ᠳᠤ ᠢᠷᠡᠬᠦ ︵ᠪᠤᠴᠠᠬᠤ︶ ᠬᠥᠮᠥᠰ 48 ᠴᠠᠭ ᠤᠨ | ᠳᠣᠲᠤᠷᠠᠬᠢ ᠨᠢᠭᠡ ᠤᠳᠠᠭᠠᠨ ᠤ ᠪᠥᠭᠡᠮ ᠬᠦᠴᠢᠯ ᠤᠨ ᠪᠠᠶᠢᠴᠠᠭᠠᠯᠲᠠ ᠶᠢᠨ ᠪᠢᠯᠢᠭ ᠴᠢᠨᠠᠷ ᠤᠨ ᠭᠡᠷᠡᠴᠢ ᠲᠠᠢ ᠪᠠᠶᠢᠬᠤ | ᠬᠡᠷᠡᠭᠲᠡᠢ᠃ |