︵ᠰᠤᠷᠪᠤᠯᠵᠢᠯᠠᠭᠴᠢ ᠶᠠᠩ ᠶᠦᠩ ᠭᠠᠩ︶ ᠣᠶᠢᠷ᠎ᠠ ᠳᠤ᠂ ᠤᠩᠰᠢᠭᠴᠢᠳ ᠲᠤ ᠣᠯᠠᠨ ᠵᠦᠢᠯ ᠤᠨ | ᠰᠣᠩᠭᠤᠯᠲᠠ ᠪᠦᠬᠦᠢ ᠪᠡᠷᠢᠴᠠᠭᠠᠨ ᠤ ᠮᠥᠩᠭᠦ ᠳᠥᠯᠥᠬᠦ ᠠᠷᠭ᠎ᠠ ᠶᠢ ᠬᠠᠩᠭᠠᠬᠤ ᠶᠢᠨ ᠲᠥᠯᠥᠭᠡ᠂ ᠬᠥᠬᠡᠬᠤᠲᠠ ᠶᠢᠨ | ᠨᠣᠮ ᠤᠨ ᠰᠠᠩ ᠨᠢ ᠹᠦ᠋ ᠹᠠ ᠪᠠᠩᠬᠢ ᠲᠠᠢ ᠬᠠᠮᠲᠤᠷᠠᠨ ᠠᠷᠠᠳ ᠲᠤ ᠲᠥᠬᠦᠮ ᠦᠵᠡᠭᠦᠯᠬᠦ ᠺᠣᠳ᠋ ᠰᠢᠷᠪᠢᠵᠦ | ᠲᠣᠭᠠᠴᠠᠭ᠎ᠠ ᠬᠢᠬᠦ ᠠᠷᠭ᠎ᠠ ᠶᠢ ᠨᠡᠭᠡᠭᠡᠵᠦ᠂ ᠦᠨᠡᠮᠯᠡᠯ ᠠᠪᠬᠤ ᠮᠠᠰᠢᠨ ᠢ ᠲᠠᠰ ᠳᠡᠪᠰᠢᠭᠦᠯᠦᠭᠰᠡᠨ ᠤ ᠳᠠᠷᠠᠭ᠎ᠠ᠂ | ᠦᠨᠡᠮᠯᠡᠯ ᠠᠪᠬᠤ ᠮᠠᠰᠢᠨ ᠪᠡᠷᠢᠴᠠᠭᠠᠨ ᠤ ᠮᠥᠩᠭᠦ ᠬᠤᠷᠢᠶᠠᠬᠤ ᠳᠠᠭᠠᠨ ᠦᠷᠭᠦᠯᠵᠢ ᠲᠣᠬᠢᠶᠠᠯᠳᠤᠳᠠᠭ ᠪᠡᠯᠡᠨ | ᠵᠣᠭᠤᠰ ᠢᠶᠠᠷ ᠲᠣᠭᠠᠴᠠᠭ᠎ᠠ ᠬᠢᠬᠦᠦ ᠶᠢ ᠳᠡᠮᠵᠢᠬᠦ ᠠᠴᠠ ᠭᠠᠳᠠᠨ᠎ᠠ ᠪᠠᠰᠠ ᡁᠢ ᠹᠦ᠋ ᠪᠣᠣ ᠪᠣᠯᠣᠨ ᠸᠢᠴᠠᠲ ᠤᠨ ᠺᠣᠳ᠋ | ᠰᠢᠷᠪᠢᠵᠦ ᠲᠣᠭᠠᠴᠠᠭ᠎ᠠ ᠬᠢᠬᠦ ᠶᠢ ᠳᠡᠮᠵᠢᠬᠦ ᠪᠣᠯᠪᠠ᠃ ᠪᠣᠳᠠᠲᠠᠢ ᠶᠠᠪᠤᠴᠠ ᠨᠢ᠄ ︽ᠦᠨᠡᠮᠯᠡᠯ ᠭᠦᠢᠴᠡᠳᠬᠡᠬᠦ︾ | ᠶᠢ ᠲᠣᠪᠴᠢᠳᠠᠵᠤ᠂ ᠳᠠᠷᠠᠭ᠎ᠠ ᠨᠢ ᠺᠠᠷᠲ ᠤᠩᠰᠢᠬᠤ ᠮᠠᠰᠢᠨ ᠢᠶᠠᠷ ᠪᠡᠶ᠎ᠡ ᠶᠢᠨ ᠭᠠᠷᠤᠯ ᠤᠨ ᠮᠡᠳᠡᠭᠡ | ᠵᠠᠩᠭᠢ ᠪᠡᠨ ᠤᠩᠰᠢᠭᠤᠯᠤᠭᠰᠠᠨ ᠤ ᠳᠠᠷᠠᠭ᠎ᠠ ᠤᠩᠰᠢᠭᠴᠢ ᠬᠡᠷᠡᠭᠯᠡᠵᠦ ᠪᠠᠶᠢᠭ᠎ᠠ ᠤᠲᠠᠰᠤᠨ ᠨᠣᠮᠧᠷ ᠢᠶᠠᠨ | ᠣᠷᠣᠭᠤᠯᠤᠨ᠎ᠠ᠂ ᠡᠨᠡ ᠦᠶ᠎ᠡ ᠳᠤ ᠭᠦᠢᠴᠡᠳᠬᠡᠬᠦ ᠭᠡᠵᠦ ᠪᠠᠶᠢᠭ᠎ᠠ ᠣᠩᠰᠢᠭᠴᠢ ᠶᠢᠨ ᠲᠥᠷᠥᠯ | ᠵᠦᠢᠯ ᠢ ᠰᠣᠩᠭᠤᠨ᠎ᠠ᠂ 100 ᠲᠥᠭᠦᠷᠢᠭ ᠢᠶᠠᠷ 5 ᠳᠡᠪᠲᠡᠷ ᠨᠣᠮ ᠵᠢᠭᠡᠯᠡᠵᠦ ᠪᠣᠯᠣᠨ᠎ᠠ᠂ 200 ᠲᠥᠭᠦᠷᠢᠭ ᠢᠶᠠᠷ | 10 ᠳᠡᠪᠲᠡᠷ ᠨᠣᠮ ᠵᠢᠭᠡᠯᠡᠵᠦ ᠪᠣᠯᠣᠨ᠎ᠠ᠃ ᠤᠩᠰᠢᠭᠴᠢ ᠶᠢᠨ ᠺᠠᠷᠲ ᠤᠨ ᠲᠥᠷᠥᠯ ᠵᠦᠢᠯ ᠢ ᠰᠣᠩᠭᠤᠭᠰᠠᠨ ᠤ | ᠳᠠᠷᠠᠭ᠎ᠠ ᠳᠡᠯᠭᠡᠴᠡ ᠶᠢᠨ ᠰᠠᠨᠠᠭᠤᠯᠤᠮᠵᠢ ᠶᠢ ᠦᠨᠳᠦᠰᠦᠯᠡᠨ ᠲᠣᠭᠠᠴᠠᠭ᠎ᠠ ᠬᠢᠬᠦ ᠲᠥᠷᠥᠯ ᠵᠦᠢᠯ ᠢ ᠰᠣᠩᠭᠤᠵᠤ | ᠪᠣᠯᠣᠨ᠎ᠠ᠂ ᠡᠨᠡ ᠦᠶ᠎ᠡ ᠳᠤ ᠪᠡᠯᠡᠨ ᠵᠣᠭᠤᠰ᠂ ᡁᠢ ᠹᠦ᠋ ᠪᠣᠣ ᠶᠢᠨ ᠺᠣᠳ᠋ ᠰᠢᠷᠪᠢᠬᠦ᠂ ᠸᠢᠴᠠᠲ ᠤᠨ ᠺᠣᠳ᠋ | ᠰᠢᠷᠪᠢᠬᠦ ᠶᠢ ᠰᠣᠩᠭᠤᠵᠤ ᠪᠣᠯᠣᠨ᠎ᠠ᠃ ᠺᠣᠳ᠋ ᠰᠢᠷᠪᠢᠵᠦ ᠲᠣᠭᠠᠴᠠᠭ᠎ᠠ ᠬᠢᠬᠦ ᠠᠷᠭ᠎ᠠ ᠮᠠᠶ᠋ᠢᠭ ᠢ ᠰᠣᠩᠭᠤᠭᠰᠠᠨ ᠤ | ᠳᠠᠷᠠᠭ᠎ᠠ ᠰᠢᠰᠲ᠋ᠧᠮ ᠠᠴᠠ ᠲᠣᠭᠠᠴᠠᠭ᠎ᠠ ᠬᠢᠬᠦ ᠮᠡᠷᠭᠡᠨ ᠴᠣᠬᠤᠷ ᠢ ᠬᠠᠩᠭᠠᠵᠤ᠂ ᠭᠠᠷ ᠤᠲᠠᠰᠤ ᠪᠠᠷ ᠲᠣᠭᠠᠴᠠᠭ᠎ᠠ ᠬᠢᠬᠦ | ᠪᠤᠶᠤ ᠸᠢᠴᠠᠲ ᠤᠨ ᠺᠣᠳ᠋ ᠰᠢᠷᠪᠢᠬᠦ ᠪᠠᠷ ᠳᠡᠮᠵᠢᠨ ᠪᠡᠷᠢᠴᠠᠭᠠᠨ ᠤ ᠮᠥᠩᠭᠦ ᠪᠠᠨ ᠲᠥᠯᠥᠵᠦ ᠪᠣᠯᠣᠨ᠎ᠠ᠂ ᠲᠣᠭᠠᠴᠠᠭ᠎ᠠ | ᠬᠢᠭᠡᠳ ᠠᠮᠵᠢᠯᠲᠠ ᠣᠯᠣᠭᠰᠠᠨ ᠤ ᠳᠠᠷᠠᠭ᠎ᠠ ᠮᠠᠰᠢᠨ ᠠᠴᠠ ᠤᠩᠰᠢᠭᠴᠢᠳ ᠲᠤ ᠺᠠᠷᠲ ᠬᠢᠵᠦ ᠥᠭᠭᠦᠨ᠎ᠡ᠃ ᠬᠡᠷᠪᠡ | ᠠᠰᠠᠭᠤᠳᠠᠯ ᠭᠠᠷᠪᠠᠯ᠂ ᠬᠤᠯᠪᠣᠭᠳᠠᠭᠰᠠᠨ ᠵᠣᠭᠤᠰ ᠢ ᠤᠭ ᠵᠠᠮ ᠢᠶᠠᠷ ᠨᠢ ᠪᠤᠴᠠᠭᠠᠨ᠎ᠠ᠃ ᠳᠡᠭᠡᠷ᠎ᠡ ᠳᠤᠷᠠᠳᠤᠭᠰᠠᠨ | ᠶᠠᠪᠤᠴᠠ ᠶᠢ ᠵᠥᠪᠬᠡᠨ ᠬᠥᠬᠡᠬᠤᠲᠠ ᠶᠢᠨ ᠨᠣᠮ ᠤᠨ ᠰᠠᠩ ᠤᠨ ᠮᠠᠰᠢᠨ ᠢᠶᠠᠷ ᠦᠨᠡᠮᠯᠡᠯ ᠠᠪᠬᠤ ᠳᠤ ᠬᠡᠷᠡᠭᠯᠡᠨ᠎ᠡ᠂ | ᠢᠲᠡᠭᠡᠮᠵᠢ ᠶᠢᠨ ᠵᠢᠭᠡᠯᠡᠨ ᠤᠩᠰᠢᠬᠤ ᠵᠡᠷᠭᠡ ᠪᠤᠰᠤᠳ ᠬᠡᠶᠢᠰᠪᠦᠷᠢ ᠦᠨᠡᠮᠯᠡᠯ ᠢ ᠭᠦᠢᠴᠡᠳᠬᠡᠬᠦ ᠳᠤ ᠬᠤᠯᠪᠣᠭᠳᠠᠬᠤ | ᠦᠭᠡᠢ᠃ | |