ᠠᠮᠢᠳᠤᠷᠠᠯ ᠤᠨ ᠵᠠᠷᠢᠮ ᠴᠡᠭᠡᠷ ᠶᠣᠰᠣᠨ
ᠨᠡᠶᠢᠲᠡᠯᠡᠭᠰᠡᠨ ᠴᠠᠭ᠄
2023/5/9
      ᠠᠬᠠᠮᠠᠳ ᠤᠨ ᠢᠶᠠᠨ ᠳᠡᠭᠡᠲᠡᠢ ᠰᠠᠭᠤᠳᠠᠭ ᠦᠭᠡᠢ      ᠠᠶᠠᠭ᠎ᠠ ᠰᠢᠨᠠᠭ᠎ᠠ ᠪᠠᠨ ᠬᠥᠮᠥᠷᠢᠳᠡᠭ ᠦᠭᠡᠢ      ᠠᠷᠤᠭ ᠰᠠᠭᠰᠤ ᠪᠠᠨ ᠰᠠᠨᠳᠠᠶᠢᠯᠠᠵᠤ ᠰᠠᠭᠤᠳᠠᠭ ᠦᠭᠡᠢ      ᠠᠮᠢᠲᠠᠨ ᠭᠤᠣᠯᠲᠠᠨ ᠢ ᠲᠠᠮᠤᠯᠠᠵᠤ ᠵᠣᠪᠠᠭᠠᠳᠠᠭ ᠦᠭᠡᠢ      ᠠᠭᠲᠠ ᠬᠥᠯᠥᠭ ᠤᠨ ᠳᠡᠯ ᠳᠤ ᠬᠢᠲᠤᠭ᠎ᠠ ᠬᠦᠷᠭᠡᠳᠡᠭ ᠦᠭᠡᠢ      ᠠᠪᠳᠠᠷ᠎ᠠ ᠬᠤᠷᠭᠤ ᠪᠠᠨ ᠣᠩᠭᠤᠶᠢᠯᠭᠠᠵᠤ ᠣᠷᠬᠢᠳᠠᠭ ᠦᠭᠡᠢ      ᠠᠷᠴᠠ ᠶᠢᠨ ᠭᠠᠯ ᠢ ᠦᠯᠢᠶᠡᠳᠡᠭ ᠦᠭᠡᠢ      ᠨᠣᠬᠠᠢ ᠵᠠᠶᠢᠳᠠᠯᠠᠵᠤ ᠮᠣᠷᠳᠠᠳᠠᠭ ᠦᠭᠡᠢ      ᠨᠣᠮ ᠰᠤᠳᠤᠷ ᠢ ᠳᠡᠯᠭᠡᠵᠦ ᠣᠷᠬᠢᠳᠠᠭ ᠦᠭᠡᠢ      ᠨᠠᠪᠴᠢ ᠴᠡᠴᠡᠭ ᠢ ᠲᠠᠰᠤᠯᠳᠠᠭ ᠦᠭᠡᠢ      ᠨᠠᠰᠤᠲᠠᠨ ᠤ ᠡᠮᠦᠨ᠎ᠡ ᠵᠠᠩᠨᠠᠳᠠᠭ ᠦᠭᠡᠢ      ᠠᠶᠠᠭ᠎ᠠ ᠰᠠᠪᠬ᠎ᠠ ᠶᠢᠨ ᠬᠠᠪᠢᠷᠤᠭᠤᠯᠳᠠᠭ ᠦᠭᠡᠢ      ᠪᠣᠱᠤᠭ᠎ᠠ ᠳᠡᠭᠡᠷ᠎ᠡ ᠰᠠᠭᠤᠳᠠᠭ ᠦᠭᠡᠢ      ᠪᠣᠯᠭᠠᠭᠰᠠᠨ ᠢᠳᠡᠭᠡᠨ ᠠᠴᠠ ᠵᠠᠶᠢᠯᠠᠳᠠᠭ ᠦᠭᠡᠢ      ᠪᠡᠶᠡᠰ ᠤᠨ ᠬᠤᠭᠤᠷᠣᠨᠳᠤᠭᠤᠷ ᠭᠠᠷᠳᠠᠭ ᠦᠭᠡᠢ      ᠪᠦᠰᠡ ᠮᠠᠯᠠᠭᠠᠢ ᠪᠠᠨ ᠰᠣᠯᠢᠳᠠᠭ ᠦᠭᠡᠢ      ᠪᠤᠷᠬᠠᠨ ᠤ ᠥᠭᠡᠳᠡ ᠬᠥᠯ ᠵᠢᠭᠢᠯᠭᠡᠳᠡᠭ ᠦᠭᠡᠢ      ᠪᠤᠷᠤᠭᠤ ᠭᠠᠷ ᠢᠶᠠᠷ ᠶᠠᠭᠤᠮ᠎ᠠ ᠥᠭᠳᠡᠭ ᠦᠭᠡᠢ      ᠭᠤᠣᠯ ᠳᠤ ᠬᠤᠭ ᠣᠷᠬᠢᠳᠠᠭ ᠦᠭᠡᠢ      ᠭᠠᠯ ᠳᠤ ᠨᠣᠪᠰᠢ ᠰᠢᠲᠠᠭᠠᠳᠠᠭ ᠦᠭᠡᠢ      ᠭᠡᠷ ᠢᠶᠠᠨ ᠪᠤᠷᠤᠭᠤ ᠲᠥᠭᠡᠯᠡᠭᠳᠡᠭ ᠦᠭᠡᠢ      ᠭᠡᠭᠡᠪᠴᠢ ᠪᠠᠷ ᠳᠣᠲᠣᠭᠰᠢ ᠱᠠᠭᠠᠶᠢᠳᠠᠭ ᠦᠭᠡᠢ      ᠪᠤᠴᠠᠭᠠᠬᠤ ᠰᠠᠪᠠ ᠶᠢ ᠬᠤᠭᠤᠰᠤᠨ ᠶᠠᠪᠤᠭᠤᠯᠳᠠᠭ ᠦᠭᠡᠢ      ᠮᠠᠯᠠᠭᠠᠢ ᠳᠠᠪᠬᠤᠷᠯᠠᠵᠤ ᠡᠮᠦᠰᠳᠡᠭ ᠦᠭᠡᠢ      ᠮᠢᠯᠠᠭ᠎ᠠ ᠪᠠᠨ ᠲᠤᠯᠵᠤ ᠪᠣᠰᠳᠠᠭ ᠦᠭᠡᠢ      ᠮᠠᠨᠴᠤᠢ ᠪᠠᠨ ᠬᠡᠭᠡᠷ᠎ᠡ ᠬᠠᠶᠠᠳᠠᠭ ᠦᠭᠡᠢ      ᠮᠠᠯᠠᠭᠠᠢ ᠪᠠᠨ ᠬᠠᠵᠠᠭᠠᠢ ᠪᠤᠷᠤᠭᠤ ᠳᠠᠷᠤᠳᠠᠭ ᠦᠭᠡᠢ᠃
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000611号-1号