ᠶᠡᠭᠡ ᠬᠠᠯᠠᠭᠤᠨ ᠤ ᠰᠣᠨᠢᠷᠬᠠᠯᠲᠠᠢ ᠵᠠᠩᠰᠢᠯ
ᠨᠡᠶᠢᠲᠡᠯᠡᠭᠰᠡᠨ ᠴᠠᠭ᠄
2023/7/24
      ᠭᠦᠷᠡᠯᠵᠡᠭᠡᠨ᠎ᠡ ᠭᠡᠷᠡᠭᠦᠯᠳᠦᠭᠦᠯᠬᠦ            ᠶᠡᠭᠡ ᠬᠠᠯᠠᠭᠤᠨ ᠤ ᠡᠳᠦᠷ ᠭᠦᠷᠡᠯᠵᠡᠭᠡᠨ᠎ᠡ ᠭᠡᠷᠡᠭᠦᠯᠳᠦᠭᠦᠯᠬᠦ ᠵᠠᠩᠰᠢᠯ ᠨᠢ ᠲᠠᠩ ᠤᠨ ᠲᠥᠷᠥ ᠶᠢᠨ ᠦᠶ᠎ᠡ ᠳᠤ ᠡᠭᠦᠰᠴᠦ᠂ ᠰᠦᠩ ᠤᠨ ᠲᠥᠷᠥ ᠶᠢᠨ ᠦᠶ᠎ᠡ ᠳᠤ ᠶᠡᠭᠡ ᠪᠠᠷ ᠳᠡᠯᠭᠡᠷᠡᠵᠡᠢ᠃ ᠶᠡᠭᠡ ᠬᠠᠯᠠᠭᠤᠨ ᠤ ᠠᠭᠠᠭᠢᠮ᠎ᠠ ᠬᠠᠯᠠᠭᠤᠨ ᠠᠭᠤᠷ ᠠᠮᠢᠰᠬᠤᠯ ᠨᠢ ᠬᠥᠮᠥᠰ ᠤᠨ ᠰᠡᠳᠬᠢᠯ ᠰᠠᠨᠠᠭ᠎ᠠ ᠶᠢ ᠪᠤᠬᠢᠨᠢᠳᠤᠭᠤᠯᠵᠤ᠂ ᠠᠭᠤᠷ ᠤᠴᠠᠭᠠᠷ ᠢ ᠠᠮᠠᠷᠬᠠᠨ ᠬᠥᠳᠡᠯᠭᠡᠳᠡᠭ ᠠᠴᠠ ᠬᠥᠮᠥᠰ ᠭᠦᠷᠡᠯᠵᠡᠭᠡᠨ᠎ᠡ ᠭᠡᠷᠡᠭᠦᠯᠳᠦᠭᠦᠯᠬᠦ ᠪᠠᠷ ᠳᠡᠮᠵᠢᠨ ᠠᠭᠤᠷ ᠪᠤᠬᠢᠨᠢᠳᠤᠯ ᠢᠶᠠᠨ ᠠᠷᠢᠯᠭᠠᠳᠠᠭ ᠭᠡᠯᠴᠡᠳᠡᠭ᠃ ᠬᠠᠭᠤᠴᠢᠨ ᠨᠡᠶᠢᠭᠡᠮ ᠳᠤ ᠬᠤᠲᠠ ᠪᠠᠯᠭᠠᠰᠤ᠂ ᠬᠤᠳᠠᠯᠳᠤᠭ᠎ᠠ ᠴᠤᠭᠯᠠᠭᠠᠨ ᠢᠶᠠᠷ ᠴᠥᠮ ᠭᠦᠷᠡᠯᠵᠡᠭᠡᠨ᠎ᠡ ᠭᠡᠷᠡᠭᠦᠯᠳᠦᠭᠦᠯᠬᠦ ᠮᠥᠷᠥᠢ ᠶᠢᠨ ᠳᠠᠯᠪᠤᠷ ᠲᠠᠢ ᠪᠠᠶᠢᠵᠠᠢ᠃ ᠣᠳᠣ ᠮᠥᠷᠥᠢ ᠶᠢᠨ ᠲᠠᠯᠠᠪᠤᠷ ᠪᠠᠶᠢᠬᠤ ᠦᠭᠡᠢ ᠪᠣᠯᠤᠭᠰᠠᠨ ᠴᠤ ᠠᠷᠠᠳ ᠤᠨ ᠳᠤᠮᠳᠠ ᠡᠨᠡ ᠬᠦ ᠨᠠᠭᠠᠳᠤᠮ ᠴᠡᠩᠭᠡᠬᠦᠨ ᠤ ᠠᠵᠢᠯᠯᠠᠭ᠎ᠠ ᠤᠯᠠᠮᠵᠢᠯᠠᠭᠳᠠᠨ ᠦᠯᠡᠳᠡᠵᠡᠢ᠃      ᠣᠩᠭᠤᠴᠠ ᠦᠳᠡᠬᠦ            ᠵᠧᠵᠢᠶᠠᠩ ᠤᠨ ᠳᠠᠶᠢᠵᠸᠦ ᠬᠤᠲᠠ ᠳᠤ ᠶᠡᠭᠡ ᠬᠠᠯᠠᠭᠤᠨ ᠤ ᠡᠳᠦᠷ ᠣᠩᠭᠤᠴᠠ ᠦᠳᠡᠬᠦ ᠵᠠᠩᠰᠢᠯ ᠲᠠᠢ ᠪᠠᠶᠢᠳᠠᠭ᠃ ᠬᠠᠭᠤᠴᠢᠨ ᠨᠡᠶᠢᠭᠡᠮ ᠳᠤ ᠲᠡᠨᠳᠡᠬᠢ ᠠᠷᠠᠳ ᠤᠨ ᠳᠤᠮᠳᠠ ᠶᠡᠭᠡ ᠬᠠᠯᠠᠭᠤᠨ ᠤ ᠦᠶ᠎ᠡ ᠪᠣᠯᠣᠭᠰᠠᠭᠠᠷ ᠡᠪᠡᠳᠴᠢᠨ ᠬᠢᠵᠢᠭ ᠶᠡᠭᠡ ᠪᠠᠷ ᠳᠡᠯᠭᠡᠷᠡᠳᠡᠭ ᠪᠠᠶᠢᠵᠠᠢ᠂ ᠡᠨᠡ ᠨᠢ ᠲᠠᠪᠤᠨ ᠪᠣᠭᠳᠠ ᠠᠴᠠ ᠪᠣᠯᠤᠭᠰᠠᠨ ᠭᠡᠵᠦ ᠬᠥᠮᠥᠰ ᠦᠵᠡᠳᠡᠭ ᠲᠤᠯᠠ ᠶᠡᠭᠡ ᠬᠠᠯᠠᠭᠤᠨ ᠤ ᠡᠳᠦᠷ ᠲᠤᠰᠬᠠᠢ ᠣᠩᠭᠤᠴᠠ ᠪᠦᠲᠦᠭᠡᠨ᠂ ᠳᠡᠭᠡᠷ᠎ᠡ ᠨᠢ ᠲᠠᠬᠢᠯᠭ᠎ᠠ ᠶᠢᠨ ᠪᠣᠳᠠᠰ ᠢᠶᠠᠨ ᠲᠡᠭᠡᠭᠡᠵᠦ᠂ ᠮᠥᠷᠡᠨ ᠤ ᠤᠷᠤᠰᠬᠠᠯ ᠳᠠᠭᠠᠭᠤᠯᠤᠨ ᠦᠳᠡᠵᠦ᠂ ᠲᠠᠪᠤᠨ ᠪᠣᠭᠳᠠ ᠳᠤ ᠳᠠᠬᠢᠯᠭ᠎ᠠ ᠶᠢᠨ ᠪᠣᠳᠠᠰ ᠢᠶᠠᠨ ᠬᠦᠷᠭᠡᠳᠡᠭ᠃ ᠡᠨᠡ ᠬᠦ ᠣᠩᠭᠤᠴᠠ ᠨᠢ ᠤᠷᠤᠰᠬᠠᠯ ᠲᠠᠭᠠᠨ ᠬᠥᠪᠦᠭᠰᠡᠭᠡᠷ ᠪᠠᠷ᠎ᠡ ᠰᠤᠷᠠᠭ ᠦᠭᠡᠢ ᠪᠣᠯᠪᠠᠯ ᠥᠯᠵᠡᠢ ᠲᠠᠢ ᠭᠡᠵᠦ ᠦᠵᠡᠳᠡᠭ᠂ ᠳᠠᠷᠤᠢ ᠬᠢᠵᠢᠭ ᠰᠠᠬᠢᠭᠤᠯᠰᠤᠨ ᠢ ᠦᠳᠡᠨ ᠶᠠᠪᠤᠭᠤᠯᠵᠤ᠂ ᠡᠪᠡᠳᠴᠢᠨ ᠬᠢᠵᠢᠭ ᠢ ᠠᠷᠢᠯᠭᠠᠬᠭᠡᠰᠡᠨ ᠵᠣᠷᠢᠯᠭ᠎ᠠ ᠲᠠᠢ ᠠᠵᠢ᠃  
 
ᠢᠷᠡᠯᠲᠡ᠄ ᠥᠪᠥᠷ ᠮᠣᠩᠭᠤᠯ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000611号-1号