ᠥᠯᠥᠭᠡᠢ ᠤᠯᠠᠮᠵᠢᠯᠠᠬᠤ ᠶᠣᠰᠣᠨ
ᠨᠡᠶᠢᠲᠡᠯᠡᠭᠰᠡᠨ ᠴᠠᠭ᠄
2023/9/1
      ᠥᠯᠥᠭᠡᠢ ᠤᠯᠠᠮᠵᠢᠯᠠᠬᠤ ᠶᠣᠰᠣᠨ ᠭᠡᠵᠦ ᠠᠪᠤ ᠳᠡᠭᠡᠳᠦᠰ ᠤᠨ ᠦᠶ᠎ᠡ ᠳᠡᠭᠡᠨ ᠬᠡᠷᠡᠭᠯᠡᠵᠦ ᠪᠠᠶᠢᠭᠰᠠᠨ ᠥᠯᠥᠭᠡᠢ ᠪᠠᠨ ᠬᠡᠦᠬᠡᠳ ᠤᠨ ᠦᠶ᠎ᠡ ᠳᠡᠭᠡᠨ ᠤᠯᠠᠮᠵᠢᠯᠠᠨ ᠬᠡᠷᠡᠭᠯᠡᠬᠦ ᠶᠢ ᠬᠡᠯᠡᠵᠦ ᠪᠠᠶᠢᠨ᠎ᠠ᠃ ᠰᠢᠨ᠎ᠡ ᠪᠠᠷ ᠪᠦᠲᠦᠭᠡᠭᠰᠡᠨ ᠥᠯᠥᠭᠡᠢ ᠪᠠᠨ ᠮᠣᠩᠭᠤᠯᠴᠤᠳ ᠡᠪᠳᠡᠯᠡᠵᠦ ᠬᠠᠭᠠᠯᠬᠤ ᠦᠭᠡᠢ ᠬᠠᠳᠠᠭᠠᠯᠠᠵᠤ ᠲᠠᠯᠪᠢᠳᠠᠭ ᠪᠣᠯᠬᠤᠷ ᠵᠠᠷᠢᠮ ᠨᠢᠭᠡ ᠥᠯᠥᠭᠡᠢ ᠶᠢ ᠭᠤᠷᠪᠠ ᠳᠦᠷᠪᠡᠨ ᠦᠶ᠎ᠡ ᠵᠠᠷᠤᠭᠰᠠᠨ ᠲᠡᠦᠬᠡ ᠲᠠᠢ ᠴᠦ ᠪᠠᠶᠢᠳᠠᠭ᠃ ᠬᠡᠷᠪᠡ ᠤᠯᠠᠮᠵᠢᠯᠠᠬᠤ ᠥᠯᠥᠭᠡᠢ ᠦᠭᠡᠢ ᠪᠤᠶᠤ ᠰᠢᠨ᠎ᠡ ᠥᠯᠥᠭᠡᠢ ᠬᠢᠵᠦ ᠵᠠᠪᠳᠤᠬᠤ ᠦᠭᠡᠢ ᠪᠣᠯ ᠳᠠᠷᠤᠢ ᠬᠠᠭᠤᠴᠢᠨ ᠥᠯᠥᠭᠡᠢ ᠶᠢ ᠵᠢᠭᠡᠯᠡᠨ᠎ᠡ᠃      ᠨᠢᠭᠡ ᠳᠤ᠂ ᠥᠯᠥᠭᠡᠢ ᠵᠢᠭᠡᠯᠡᠬᠦ ᠳᠡᠭᠡᠨ ᠪᠠᠰᠠ ᠰᠣᠩᠭᠤᠵᠤ ᠵᠢᠭᠡᠯᠡᠨ᠎ᠡ᠃ ᠥᠯᠥᠭᠡᠢ ᠵᠢᠭᠡᠯᠡᠬᠦ ᠠᠴᠠ ᠡᠮᠦᠨ᠎ᠡ ᠠᠪᠤ ᠡᠵᠢ ᠨᠢ ᠬᠡᠨ ᠤ ᠥᠯᠥᠭᠡᠢ ᠨᠢ ᠶᠠᠮᠠᠷ ᠶᠠᠮᠠᠷ ᠬᠡᠦᠬᠡᠳ ᠢ ᠠᠮᠤᠷ ᠮᠡᠨᠳᠦ ᠥᠰᠬᠡᠭᠰᠡᠨ ᠭᠡᠵᠦ ᠬᠤᠷᠤᠭᠤ ᠳᠠᠷᠤᠵᠤ ᠬᠢᠮᠤᠰᠤ ᠨᠢᠰᠠᠯᠵᠤ ᠪᠠᠶᠢᠭᠠᠳ ᠰᠠᠶ᠋ᠢ ᠵᠢᠭᠡᠯᠡᠬᠦ ᠥᠯᠥᠭᠡᠢ ᠪᠠᠨ ᠲᠣᠭᠲᠠᠭᠠᠳᠠᠭ ᠶᠤᠮ᠃ ᠥᠯᠥᠭᠡᠢ ᠵᠢᠭᠡᠯᠡᠬᠦ ᠳᠡᠭᠡᠨ ᠬᠦᠦ ᠬᠦᠰᠡᠵᠦ ᠪᠠᠶᠢᠬᠤ ᠨᠢ ᠬᠦᠦ ᠠᠷᠪᠢᠨ ᠥᠰᠬᠡᠭᠰᠡᠨ ᠥᠯᠥᠭᠡᠢ ᠶᠢ ᠵᠢᠭᠡᠯᠡᠵᠦ᠂ ᠥᠬᠢᠨ ᠬᠦᠰᠡᠵᠦ ᠪᠠᠶᠢᠬᠤ ᠨᠢ ᠥᠬᠢᠨ ᠠᠷᠪᠢᠨ ᠬᠥᠮᠥᠨ ᠤ ᠥᠯᠥᠭᠡᠢ ᠶᠢ ᠵᠢᠭᠡᠯᠡᠳᠡᠭ᠃ ᠥᠯᠥᠭᠡᠢ ᠪᠠᠰᠠ ᠠᠳᠠᠯᠢ ᠦᠭᠡᠢ᠃ ᠵᠠᠷᠢᠮ ᠥᠯᠥᠭᠡᠢ ᠳᠤ ᠬᠡᠪᠲᠡᠭᠰᠡᠨ ᠬᠡᠦᠬᠡᠳ ᠨᠢ ᠬᠡᠳᠦ᠋ᠢᠢᠪᠡᠷ ᠡᠪᠡᠳᠴᠢᠨ ᠦᠭᠡᠢ ᠪᠣᠯᠪᠠᠴᠣ ᠴᠠᠶᠢᠯᠵᠠᠵᠤ ᠪᠥᠭᠡᠯᠵᠢᠭᠡᠳ ᠯᠡ ᠪᠠᠶᠢᠳᠠᠭ᠃ ᠵᠠᠷᠢᠮ ᠥᠯᠥᠭᠡᠢ ᠳᠤᠨᠢ ᠬᠡᠦᠬᠡᠳ ᠬᠡᠪᠲᠡᠭᠰᠡᠭᠡᠷ ᠯᠡ ᠡᠪᠡᠳᠴᠢᠨ ᠠᠷᠬᠠᠭ ᠲᠣᠭᠲᠠᠳᠠᠭ᠃ ᠡᠶᠢᠮᠦ ᠥᠯᠥᠭᠡᠢ ᠶᠢ ᠪᠣᠯ ᠰᠡᠵᠢᠭᠯᠡᠭᠡᠳ ᠵᠢᠭᠡᠯᠡᠳᠡᠭ ᠦᠭᠡᠢ ᠪᠠᠶᠢᠳᠠᠭ᠃ ᠬᠡᠷᠪᠡ ᠠᠷᠪᠢᠨ ᠬᠡᠦᠬᠡᠳ ᠢ ᠠᠮᠤᠷ ᠲᠦᠪᠰᠢᠨ ᠥᠰᠬᠡᠭᠰᠡᠨ ᠥᠯᠥᠭᠡᠢ ᠶᠢ ᠪᠣᠯ ᠬᠥᠮᠥᠰ ᠪᠤᠯᠢᠶᠠᠯᠳᠤᠵᠤ ᠪᠠᠶᠢᠭᠠᠳ ᠵᠢᠭᠡᠯᠡᠵᠦ ᠪᠠᠶᠢᠳᠠᠭ᠃ ᠡᠨᠡ ᠪᠣᠯ ᠬᠡᠦᠬᠡᠳ ᠢᠶᠠᠨ ᠠᠮᠤᠷ ᠲᠦᠪᠰᠢᠨ ᠥᠰᠬᠡᠬᠦ ᠶᠢ ᠪᠣᠳᠣᠵᠣ ᠪᠠᠶᠢᠨ᠎ᠠ᠃      ᠬᠤᠶᠠᠷ ᠲᠤ᠂ ᠰᠢᠷ᠎ᠠ ᠶᠢᠨ ᠱᠠᠰᠢᠨ ᠤ ᠨᠥᠯᠥᠭᠡ ᠪᠠᠷ ᠬᠡᠦᠬᠡᠳ ᠬᠠᠵᠠᠭᠰᠠᠨ ᠥᠯᠥᠭᠡᠢ ᠪᠣᠯ ᠪᠠᠰᠠ ᠬᠡᠦᠬᠡᠳ ᠬᠠᠵᠠᠬᠤ ᠵᠠᠩ ᠲᠠᠢ ᠭᠡᠳᠡᠭ ᠵᠤᠷᠰᠢᠯ ᠠᠴᠠ ᠪᠣᠯᠵᠤ ᠪᠠᠶᠢᠨ᠎ᠠ᠃ ᠥᠯᠥᠭᠡᠶᠢᠳᠡᠬᠦ ᠬᠡᠦᠬᠡᠳ ᠲᠤ ᠰᠠᠶᠢᠨ ᠲᠠᠢ ᠲᠠᠯ᠎ᠠ ᠪᠠᠶᠢᠬᠤ ᠳᠤ ᠡᠮᠵᠡᠭ ᠲᠠᠢ ᠲᠠᠯ᠎ᠠ ᠪᠠᠰᠠ ᠪᠠᠶᠢᠵᠤ ᠪᠠᠶᠢᠨ᠎ᠠ᠃ ᠵᠢᠱᠢᠶᠡᠯᠡᠪᠡᠯ᠄ ᠬᠡᠲᠦᠷᠬᠡᠢ ᠪᠠᠷᠢᠵᠤ ᠤᠶᠠᠭᠰᠠᠨ ᠠᠴᠠ ᠪᠣᠯᠵᠤ ᠪᠣᠭᠤᠭᠳᠠᠭᠠᠳ ᠪᠡᠶ᠎ᠡ ᠨᠢ ᠥᠰᠬᠦ ᠦᠭᠡᠢ ᠪᠣᠯᠬᠤ ᠪᠤᠶᠤ ᠬᠦᠴᠦᠲᠡᠢ ᠠᠷᠭᠠᠳᠠᠭᠰᠠᠨ ᠠᠴᠠ ᠪᠣᠯᠵᠤ ᠬᠡᠦᠬᠡᠳ  ᠨᠢ ᠲᠣᠯᠣᠭᠠᠢ ᠡᠪᠡᠳᠬᠦ ᠡᠪᠡᠳᠴᠢᠨ ᠲᠠᠢ ᠪᠣᠯᠤᠭᠰᠠᠨ ᠵᠡᠷᠭᠡ ᠦᠵᠡᠭᠳᠡᠯ ᠣᠷᠣᠰᠢᠵᠤ ᠪᠠᠶᠢᠳᠠᠭ᠃ ᠭᠡᠪᠡᠴᠦ ᠮᠣᠩᠭᠤᠯ ᠥᠯᠥᠭᠡᠢ ᠶᠢᠨ ᠵᠠᠩ ᠦᠢᠯᠡ ᠠᠴᠠ ᠪᠢᠳᠡ ᠮᠣᠩᠭᠤᠯ ᠥᠯᠥᠭᠡᠢ ᠨᠢ ᠮᠣᠩᠭᠤᠯᠴᠤᠳ ᠲᠤ ᠵᠣᠬᠢᠬᠤ ᠬᠡᠮᠵᠢᠶᠡᠨ ᠤ ᠦᠢᠯᠡᠳᠦᠯ ᠢᠶᠠᠨ ᠦᠵᠡᠭᠦᠯᠵᠦ ᠪᠠᠶᠢᠭᠰᠠᠨ ᠢ ᠮᠡᠳᠡᠵᠦ ᠪᠣᠯᠬᠤ ᠪᠥᠭᠡᠳ ᠥᠯᠥᠭᠡᠢ ᠶᠢᠨ ᠪᠠᠶᠢᠷᠢ ᠰᠠᠭᠤᠷᠢ ᠶᠠᠮᠠᠷ ᠵᠡᠷᠭᠡ ᠪᠠᠶᠢᠭᠰᠠᠨ ᠢ ᠣᠶᠢᠯᠠᠭᠠᠵᠤ ᠪᠣᠯᠣᠨ᠎ᠠ᠃ ᠬᠡᠷᠪᠡ ᠡᠨᠡ ᠮᠣᠩᠭᠤᠯ ᠥᠯᠥᠭᠡᠢ ᠶᠢ ᠥᠭᠡᠷᠡᠴᠢᠯᠡᠭᠡᠳ ᠴᠠᠬᠢᠯᠭᠠᠨ ᠬᠦᠳᠡᠯᠪᠣᠷᠢ ᠲᠠᠢ ᠪᠣᠯᠭᠠᠨ᠂ ᠴᠠᠭ ᠤᠨ ᠴᠣᠬᠢᠯᠭ᠎ᠠ ᠮᠡᠲᠦ ᠨᠠᠰᠢ ᠴᠠᠰᠢ ᠠᠶᠢᠵᠠᠮ ᠴᠣᠬᠢᠯᠭ᠎ᠠ ᠲᠠᠢ᠂ ᠪᠠᠰᠠ ᠳᠡᠭᠡᠷ᠎ᠡ ᠨᠢ ᠪᠦᠪᠡᠢ ᠶᠢᠨ ᠳᠠᠭᠤᠤ ᠲᠠᠢ ᠪᠣᠯᠭᠠᠪᠠᠯ ᠨᠡᠩ ᠰᠢᠨᠵᠢᠯᠡᠬᠦ ᠤᠬᠠᠭᠠᠨᠴᠢ᠂ ᠨᠡᠩ ᠣᠳᠣᠬᠢᠴᠢᠯᠠᠭᠰᠠᠨ ᠪᠠᠶᠢᠵᠤ ᠪᠣᠯᠣᠨ᠎ᠠ᠃ ᠭᠡᠲᠡᠯ᠎ᠡ ᠥᠯᠥᠭᠡᠢ ᠶᠢᠨ ᠠᠴᠢ ᠲᠤᠰᠠ᠂ ᠬᠡᠷᠡᠭᠴᠡᠭᠡ ᠶᠢ ᠡᠳᠦᠭᠡ ᠪᠣᠯᠲᠠᠯ᠎ᠠ ᠰᠤᠳᠤᠯᠬᠤ ᠬᠥᠮᠥᠨ ᠦᠭᠡᠢ ᠪᠠᠶᠢᠬᠤ ᠨᠢ ᠦᠨᠳᠦᠰᠦᠲᠡᠨ ᠤ ᠪᠠᠨ ᠵᠠᠩ ᠦᠢᠯᠡ ᠶᠢ ᠰᠤᠳᠤᠯᠵᠤ ᠪᠠᠶᠢᠭ᠎ᠠ ᠬᠥᠮᠥᠰ ᠪᠠᠭ᠎ᠠ ᠪᠠᠶᠢᠬᠤ ᠶᠢ ᠭᠡᠷᠡᠴᠢᠯᠡᠵᠦ ᠪᠠᠶᠢᠨ᠎ᠠ᠃ ᠡᠶᠢᠮᠦ ᠠᠴᠠ ᠮᠣᠩᠭᠤᠯᠴᠤᠳ ᠦᠨᠳᠦᠰᠦᠲᠡᠨ ᠤ ᠪᠠᠨ ᠵᠠᠩ ᠦᠢᠯᠡ ᠶᠢ ᠰᠤᠳᠤᠯᠤᠨ ᠰᠢᠨᠵᠢᠯᠡᠵᠦ ᠵᠠᠯᠭᠠᠮᠵᠢᠯᠠᠨ ᠬᠥᠭᠵᠢᠭᠦᠯᠬᠦ ᠶᠢᠨ ᠲᠥᠯᠥᠭᠡ ᠴᠢᠷᠮᠠᠶᠢᠬᠤ ᠬᠡᠷᠡᠭᠲᠡᠢ ᠭᠡᠰᠡᠨ ᠡᠭᠦᠷᠭᠡ ᠬᠥᠮᠥᠨ ᠪᠦᠬᠦᠨ ᠳᠤ ᠲᠤᠯᠭᠠᠷᠠᠵᠤ ᠪᠠᠶᠢᠨ᠎ᠠ᠃ ︵ᠨᠠᠮᠵᠢᠯᠳᠣᠷᠵᠢ᠂ ᠨ᠊ · ᠪᠥᠬᠡᠬᠠᠳᠠ︶
 
ᠢᠷᠡᠯᠲᠡ᠄ ᠬᠤᠯᠪᠣᠭ᠎ᠠ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000611号-1号