12 ᠰᠠᠷ᠎ᠠ ᠶᠢᠨ 1 ᠤ ᠥᠷᠯᠥᠭᠡ ᠶᠢᠨ 7 ᠴᠠᠭ ᠲᠤ᠂ ᠳᠡᠯᠡᠬᠡᠢ ᠶᠢᠨ ᠠᠪᠤᠷᠭᠤ᠂ ᠲᠤᠮᠳᠠᠳᠤ ᠤᠯᠤᠰ ᠤᠨ | ᠡᠮᠡᠭᠲᠡᠢ ᠶᠢᠨ ᠮᠠᠷᠠᠽᠤᠨ ᠤ ᠲᠡᠮᠳᠡᠭᠯᠡᠯ ᠢ ᠪᠠᠲᠤᠯᠠᠭᠴᠢ ᠰᠦᠨ ᠶᠢᠩ ᠵᠢᠶᠧ ᠪᠤᠭᠤᠲᠤ ᠬᠤᠳᠠ ᠶᠢᠨ ᠰᠠᠶᠢᠬᠠᠨᠲᠠᠯ᠎ᠠ | ᠬᠤᠲᠠᠨ ᠳᠤᠮᠳᠠᠬᠢ ᠲᠠᠯ᠎ᠠ ᠨᠤᠲᠤᠭ ᠲᠤ ᠢᠷᠡᠵᠦ᠂ 200 ᠭᠠᠷᠤᠢ ᠭᠦᠶᠦᠯᠲᠡ ᠶᠢᠨ ᠬᠥᠳᠡᠯᠭᠡᠭᠡᠨ ᠤ ᠪᠠᠭ᠋ᠠᠲᠠᠳ ᠢ | ᠳᠠᠭᠠᠭᠤᠯᠤᠨ ᠡᠷᠡᠭᠦᠯ ᠡᠩᠬᠡ ᠭᠦᠶᠦᠯᠲᠡ ᠶᠢᠨ ᠪᠣᠯᠪᠠᠰᠤᠷᠠᠯ ᠬᠢᠭᠰᠡᠨ ᠪᠠᠶᠢᠨ᠎ᠠ᠃ | ᠭᠦᠶᠦᠬᠦ ᠠᠴᠠ ᠪᠠᠨ ᠡᠮᠦᠨ᠎ᠡ᠂ ᠰᠦᠨ ᠶᠢᠩ ᠵᠢᠶᠧ ᠡᠳᠡᠭᠡᠷ ᠪᠠᠭ᠋ᠠᠲᠠᠳ ᠢ ᠳᠠᠭᠠᠭᠤᠯᠤᠨ ᠭᠦᠶᠦᠬᠦ ᠠᠴᠠ | ᠡᠮᠦᠨᠡᠬᠢ ᠨᠠᠮᠵᠢᠭᠤᠨ ᠪᠠᠶᠢᠳᠠᠯ ᠳᠣᠣᠷᠠᠬᠢ ᠰᠤᠨᠤᠭᠠᠯᠳᠠ ᠵᠡᠷᠭᠡ ᠲᠤᠰᠬᠠᠢ ᠮᠡᠷᠭᠡᠵᠢᠯ ᠤᠨ ᠰᠢᠰᠲ᠋ᠧᠮᠵᠢᠭᠰᠡᠨ | ᠪᠣᠯᠪᠠᠰᠤᠷᠠᠯ ᠬᠢᠵᠦ᠂ ᠮᠥᠨ ᠬᠥᠯ ᠢᠶᠠᠨ ᠥᠨᠳᠥᠷ ᠡᠷᠭᠦᠨ ᠭᠦᠶᠦᠬᠦ᠂ ᠬᠤᠶᠢᠰᠢ ᠲᠡᠶᠢᠷᠦᠨ ᠭᠦᠶᠦᠬᠦ ᠵᠡᠷᠭᠡ ᠠᠷᠭ᠎ᠠ | ᠮᠡᠷᠭᠡᠵᠢᠯ ᠢ ᠪᠡᠶᠡᠴᠢᠯᠡᠨ ᠦᠵᠡᠭᠦᠯᠵᠦ᠂ ᠲᠡᠭᠦᠨᠴᠢᠯᠡᠨ ᠮᠥᠨ ᠭᠤᠣᠯ ᠴᠢᠳᠠᠯ ᠤᠨ ᠲᠠᠰᠬᠠᠯᠵᠢᠭᠤᠯᠤᠯ ᠢᠶᠠᠷ ᠲᠠᠮᠵᠢᠨ | ᠭᠦᠶᠦᠯᠲᠡ ᠶᠢᠨ ᠲᠣᠭᠲᠠᠭᠤᠨ ᠴᠢᠨᠠᠷ ᠪᠣᠯᠣᠨ ᠳᠠᠭᠠᠭᠠᠮᠠᠭᠠᠢ ᠴᠢᠨᠠᠷ ᠢ ᠬᠡᠷᠬᠢᠨ ᠨᠡᠮᠡᠭᠳᠡᠭᠦᠯᠬᠦ ᠲᠤᠬᠠᠢ ᠨᠠᠷᠢᠨ | ᠰᠠᠶᠢᠬᠠᠨ ᠲᠠᠶᠢᠯᠪᠤᠷᠢᠯᠠᠭᠰᠠᠨ ᠪᠠᠶᠢᠨ᠎ᠠ᠃ ᠲᠠᠷᠠᠭ᠎ᠠ ᠨᠢ 5 ᠺᠢᠯᠣᠮᠧᠲᠷ ᠤᠨ ᠭᠦᠶᠦᠯᠲᠡ ᠶᠢᠨ ᠪᠣᠳᠠᠲᠤ | ᠲᠠᠰᠬᠠᠯᠵᠢᠭᠤᠯᠤᠯ ᠬᠢᠵᠦ᠂ ᠭᠦᠶᠦᠯᠲᠡ ᠶᠢᠨ ᠶᠠᠪᠤᠴᠠ ᠳᠤ ᠡᠳᠡᠭᠡᠷ ᠭᠦᠶᠦᠯᠲᠡ ᠶᠢᠨ ᠪᠠᠭ᠋ᠠᠲᠠᠳ ᠤᠨ ᠠᠳᠡᠭᠦᠦ | ᠲᠠᠰᠢᠶ᠎ᠠ ᠬᠥᠳᠡᠯᠦᠯ ᠢ ᠵᠠᠯᠠᠷᠠᠭᠤᠯᠵᠤ᠂ ᠭᠦᠶᠦᠵᠦ ᠪᠠᠷᠠᠭᠰᠠᠨ ᠤ ᠲᠠᠷᠠᠭ᠎ᠠ᠂ ᠮᠥᠨ ᠤᠯᠠᠨ ᠢ ᠳᠠᠭᠠᠭᠤᠯᠤᠨ ᠭᠦᠶᠦᠯᠲᠡ | ᠶᠢᠨ ᠬᠤᠶᠢᠨᠠᠬᠢ ᠪᠣᠯᠪᠠᠰᠤᠷᠠᠯ ᠲᠠᠰᠬᠠᠯᠵᠢᠭᠤᠯᠤᠯ ᠬᠢᠭᠰᠡᠨ ᠪᠠᠶᠢᠨ᠎ᠠ᠃ | ᠣᠶᠢᠯᠠᠭᠠᠭᠰᠠᠨ ᠢᠶᠠᠷ᠂ 11 ᠰᠠᠷ᠎ᠠ ᠶᠢᠨ 30 ᠤ ᠡᠳᠦᠷ᠂ ᠰᠦᠨ ᠶᠢᠩ ᠵᠢᠶᠧ ᠪᠤᠭᠤᠲᠤ ᠬᠤᠳᠠ ᠶᠢᠨ ᠡᠷᠡᠭᠦᠯ | ᠡᠩᠬᠡ ᠭᠦᠶᠦᠯᠲᠡ ᠶᠢᠨ ᠡᠪᠦᠯ ᠤᠨ ᠤᠯᠠᠷᠢᠯ ᠤᠨ ᠪᠣᠯᠪᠠᠰᠤᠷᠠᠯ ᠤᠨ ᠬᠤᠸᠠᠷᠠᠨ ᠤ ᠭᠤᠣᠯ ᠰᠡᠳᠦᠪᠲᠦ ᠠᠵᠢᠯᠯᠠᠭ᠎ᠠ ᠳᠤ | ᠬᠢᠴᠢᠶᠡᠯᠯᠡᠭᠡ ᠬᠢᠵᠦ᠂ ᠡᠷᠡᠭᠦᠯ ᠡᠩᠬᠡ ᠭᠦᠶᠦᠯᠲᠡ ᠶᠢᠨ ᠠᠷᠭ᠎ᠠ ᠮᠡᠷᠭᠡᠵᠢᠯ ᠢ ᠤᠯᠠᠮᠵᠢᠯᠠᠨ᠂ ᠮᠥᠨ ᠥᠪᠡᠷ ᠤᠨ | ᠥᠪᠡᠷᠮᠢᠴᠡ ᠭᠦᠶᠦᠯᠲᠡ ᠶᠢᠨ ᠮᠡᠷᠭᠡᠵᠢᠯ ᠢᠶᠠᠨ ᠲᠠᠨᠢᠯᠴᠠᠭᠤᠯᠤᠭᠰᠠᠨ ᠪᠠᠶᠢᠨ᠎ᠠ᠃ |