ᠭᠠᠳᠠᠨ᠎ᠠ ᠪᠦᠷᠦᠢ ᠲᠠᠰᠤᠷᠠᠵᠤ ᠪᠥᠷᠲᠥᠶᠢᠬᠦ ᠳᠤ ᠭᠡᠷ ᠳᠣᠲᠣᠷ᠎ᠠ ᠳ᠋ᠧᠩ ᠤᠨ ᠭᠡᠷᠡᠯ ᠰᠦᠮᠡᠯᠵᠡᠨ᠎ᠡ᠃ | ᠥᠪᠡᠷᠲᠡᠭᠡᠨ ᠵᠠᠰᠠᠬᠤ ᠣᠷᠣᠨ ᠤ ᠲᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠲᠦᠷᠦᠯ ᠵᠦᠢᠯ | ᠪᠤᠯᠬᠤ ᠠᠮᠠᠨ ᠬᠤᠭᠤᠷ ᠤᠨ ᠬᠥᠭᠵᠢᠮ ᠤᠨ ᠲᠥᠯᠥᠭᠡᠯᠡᠬᠦ ᠴᠢᠨᠠᠷᠲᠠᠢ ᠤᠯᠠᠮᠵᠢᠯᠠᠭᠴᠢ ᠾᠥᠸᠧ ᠰᠢᠤ ᠬᠤᠸᠠ ᠠᠮᠠᠨ | ᠬᠤᠭᠤᠷ ᠢᠶᠠᠨ ᠠᠪᠴᠤ ᠠᠮᠠᠨ ᠳᠠᠭᠠᠨ ᠡᠮᠬᠦᠭᠡᠳ᠂ ᠪᠠᠷᠠᠭᠤᠨ ᠭᠠᠷ ᠤᠨ ᠬᠤᠷᠤᠭᠤ ᠪᠠᠷ ᠢᠶᠠᠨ ᠲᠠᠰᠤᠷᠠᠯᠲᠠ ᠦᠭᠡᠢ | ᠬᠤᠭᠤᠷ ᠤᠨ ᠢᠶᠠᠨ ᠭᠡᠯᠡ ᠶᠢ ᠬᠡᠯᠪᠡᠯᠵᠡᠭᠦᠯᠦᠨ ᠳᠣᠷᠭᠢᠭᠤᠯᠬᠤ ᠳᠤ ᠴᠢᠬᠢᠨ ᠳᠤ ᠠᠶᠠᠲᠠᠢ ᠰᠠᠶᠢᠬᠠᠨ ᠠᠶᠠᠯᠭᠤ ᠭᠠᠷᠴᠤ᠂ | ᠶᠠᠭ ᠯᠠ ᠴᠠᠭ ᠮᠥᠴᠡ ᠪᠠ ᠣᠷᠣᠨ ᠵᠠᠢ ᠶᠢ ᠰᠤᠨᠳᠠᠯᠠᠨ᠂ ᠪᠠᠯᠠᠷ ᠡᠷᠲᠡᠨ ᠠᠴᠠ ᠢᠷᠡᠭᠰᠡᠨ ᠮᠢᠩᠭᠠᠨ ᠵᠢᠯ ᠤᠨ | ᠴᠤᠤᠷᠢᠶ᠎ᠠ ᠰᠢᠭ᠋ ᠰᠠᠨᠠᠭᠳᠠᠨ᠎ᠠ᠃ | ᠡᠨᠡ ᠬᠦ ᠳᠤᠷᠭᠢᠬᠤ ᠳᠠᠭᠤᠨ ᠦᠨᠡᠬᠡᠷ 4000 ᠵᠢᠯ ᠤᠨ ᠡᠮᠦᠨ᠎ᠡ ᠠᠴᠠ ᠥᠨᠥᠳᠥᠷ ᠭᠦᠷᠲᠡᠯ᠎ᠡ | ᠤᠯᠠᠮᠵᠢᠯᠠᠭᠳᠠᠭᠠᠳ ᠳᠡᠯᠡᠬᠡᠢ ᠶᠢᠨ ᠶᠡᠬᠡᠩᠬᠢ ᠭᠠᠵᠠᠷ ᠣᠷᠣᠨ ᠳᠤ ᠳᠡᠯᠭᠡᠷᠡᠭᠰᠡᠨ ᠪᠠᠶᠢᠨ᠎ᠠ᠃ | ︽ᠠᠮᠠᠨ ᠬᠤᠭᠤᠷ ᠪᠣᠯ ᠰᠢᠨ᠎ᠡ ᠴᠢᠯᠠᠭᠤᠨ ᠵᠡᠪᠰᠡᠭ ᠤᠨ ᠰᠡᠭᠦᠯᠴᠢ᠂ ᠬᠥᠮᠥᠨ ᠲᠥᠷᠥᠯᠬᠢᠲᠡᠨ ᠤ ᠬᠥᠭᠵᠢᠮ ᠤᠨ | ᠰᠣᠶᠣᠯ ᠤᠨ ᠰᠣᠶᠣᠭᠠᠯᠠᠯ ᠤᠨ ᠦᠶ᠎ᠡ ᠳᠤ ᠪᠤᠢ ᠪᠣᠯᠤᠭᠰᠠᠨ ᠪᠣᠯᠬᠤᠷ ︿ᠬᠥᠮᠥᠨ ᠲᠥᠷᠥᠯᠬᠢᠲᠡᠨ ᠤ ᠠᠩᠬᠠᠨ ᠤ | ᠠᠶᠠᠯᠭᠤ﹀᠂︿ᠬᠥᠮᠥᠨ ᠲᠥᠷᠥᠯᠬᠢᠲᠡᠨ ᠤ ᠠᠩᠬᠠᠨ ᠤ ᠬᠥᠭᠵᠢᠮ ᠤᠨ ᠵᠢᠮᠰᠡᠭ﹀ ᠭᠡᠳᠡᠭ᠂ ᠲᠡᠷᠡ ᠪᠣᠯ ᠬᠥᠮᠥᠨ | ᠲᠥᠷᠥᠯᠬᠢᠲᠡᠨ ᠤ ᠪᠠᠯᠠᠷ ᠡᠷᠲᠡᠨ ᠤ ᠬᠥᠭᠵᠢᠮ ᠢ ᠰᠤᠳᠤᠯᠬᠤ ︿ᠠᠮᠢᠳᠤ ᠴᠢᠯᠠᠭᠤᠵᠢᠮᠠᠯ﹀ ᠮᠥᠨ︾ ᠭᠡᠵᠦ 70 ᠨᠠᠰᠤᠲᠠᠢ | ᠾᠥᠸᠧ ᠰᠢᠤ ᠬᠤᠸᠠ ᠶᠠᠷᠢᠵᠤ ᠪᠠᠶᠢᠯ᠎ᠠ᠃ | | | | | ᠾᠥᠸᠧ ᠰᠢᠤ ᠬᠤᠸᠠ ᠠᠮᠠᠨ ᠬᠤᠭᠤᠷ ᠢᠶᠠᠨ ᠬᠤᠭᠤᠷᠳᠠᠬᠤ ᠳᠤ ᠮᠠᠰᠢ ᠰᠣᠨᠣᠰᠪᠤᠷᠢᠲᠠᠢ ᠴᠤᠤᠷᠢᠶᠠᠲᠤᠨ᠎ᠠ | | | ᠱᠢ ᠮᠣᠣ ᠶᠢᠨ ᠠᠮᠠᠨ ᠬᠤᠭᠤᠷ ᠪᠣᠯ ᠳᠡᠯᠡᠬᠡᠢ ᠶᠢᠨ ᠬᠠᠮᠤᠭ ᠤᠨ ᠡᠷᠲᠡᠨ ᠤ ᠠᠮᠠᠨ ᠬᠤᠭᠤᠷ | ᠶᠠᠭᠤ ᠶᠢ ᠠᠮᠠᠨ ᠬᠤᠭᠤᠷ ᠭᠡᠬᠦ ᠪᠤᠢ︖ | ᠰᠢᠯᠦᠭᠯᠡᠯᠲᠦ ᠨᠣᠮ ᠳᠤ ︽ᠪᠠᠭᠴᠠ ᠪᠢᠰᠬᠢᠭᠦᠷ ᠦᠯᠢᠶᠡᠨ ᠠᠮᠠᠨ ᠬᠤᠭᠤᠷ ᠳᠤᠷᠭᠢᠭᠤᠯᠮᠤᠢ︾ ᠭᠡᠳᠡᠭ ᠦᠭᠡ | ᠪᠤᠢ᠂ ᠡᠨᠡ ᠨᠢ ᠪᠠᠭᠴᠠ ᠪᠢᠰᠬᠢᠭᠦᠷ ᠪᠣᠯᠣᠨ ᠠᠮᠠᠨ ᠬᠤᠭᠤᠷ ᠪᠣᠯ ᠠᠳᠠᠯᠢ ᠪᠤᠰᠤ ᠬᠤᠶᠠᠷ ᠬᠥᠭᠵᠢᠮ ᠤᠨ ᠵᠢᠮᠰᠡᠭ | ᠭᠡᠳᠡᠭ ᠢ ᠵᠢᠭᠠᠵᠤ ᠪᠠᠶᠢᠬᠤ ᠮᠠᠳᠤ; ᠭᠡᠲᠡᠯ᠎ᠡ ᠬᠠᠨ ᠤᠯᠤᠰ ᠤᠨ ᠰᠢᠦᠢ ᠱᠧᠨ ᠨᠣᠮ ᠳᠠᠭᠠᠨ ︽ᠠᠮᠠᠨ ᠬᠤᠭᠤᠷ ᠪᠣᠯ | ᠪᠠᠭᠴᠠ ᠪᠢᠰᠬᠢᠭᠦᠷ ᠤᠨ ᠳᠣᠲᠣᠷᠠᠬᠢ ᠭᠡᠯᠡ︾ ᠭᠡᠵᠦ ᠲᠠᠶᠢᠯᠪᠤᠷᠢᠯᠠᠭᠰᠠᠨ ᠨᠢ ᠠᠮᠠᠨ ᠬᠤᠭᠤᠷ ᠪᠣᠯ ᠪᠠᠭᠴᠠ | ᠪᠢᠰᠬᠢᠭᠦᠷ ᠤᠨ ᠨᠢᠭᠡ ᠪᠦᠷᠢᠯᠳᠦᠭᠦᠨ ᠭᠡᠰᠡᠨ ᠤᠳᠬ᠎ᠠ ᠲᠠᠢ᠂ ᠡᠨᠡ ᠬᠤᠶᠠᠷ ᠪᠣᠯ ᠨᠢᠭᠡ ᠯᠡ ᠬᠥᠭᠵᠢᠮ ᠤᠨ ᠵᠢᠮᠰᠡᠭ | ᠪᠠᠶᠢᠬᠤ ᠮᠡᠲᠦ᠃ ᠲᠡᠭᠡᠪᠡᠯ ᠪᠠᠭᠴᠠ ᠪᠢᠰᠬᠢᠭᠦᠷ ᠪᠠ ᠠᠮᠠᠨ ᠬᠤᠭᠤᠷ ᠨᠢ ᠴᠣᠬᠤᠮ ᠶᠠᠮᠠᠷ ᠬᠠᠷᠢᠴᠠᠭ᠎ᠠ ᠲᠠᠢ ᠪᠤᠢ︖ | ᠠᠮᠠᠨ ᠬᠤᠭᠤᠷ ᠴᠣᠬᠤᠮ ᠬᠠᠮᠢᠭ᠎ᠠ ᠠᠴᠠ ᠡᠭᠦᠰᠦᠭᠰᠡᠨ ᠪᠤᠢ︖ | ᠱᠠᠨᠰᠢ ᠶᠢᠨ ᠱᠢ ᠮᠣᠣ ᠶᠢᠨ ᠪᠠᠭᠤᠷᠢ ᠪᠣᠯ ᠨᠡᠶᠢᠲᠡ ᠶᠢᠨ ᠣᠨ ᠲᠣᠭᠠᠯᠠᠯ ᠠᠴᠠ ᠡᠮᠦᠨᠡᠬᠢ ᠭᠤᠷᠪᠠᠳᠤᠭᠠᠷ | ᠮᠢᠩᠭᠠᠨ ᠵᠢᠯ ᠤᠨ ᠰᠡᠭᠦᠯᠴᠢ ᠶᠢᠨ ᠦᠶ᠎ᠡ ᠳᠠᠬᠢ ᠵᠡᠭᠦᠨ ᠠᠽᠢᠶ᠎ᠠ ᠣᠷᠣᠨ ᠤ ᠣᠲᠣ ᠠᠴᠠ 4000 ᠵᠢᠯ ᠤᠨ ᠡᠮᠦᠨᠡᠬᠢ | ᠬᠡᠪᠴᠢᠶ᠎ᠡ ᠪᠠᠷ ᠬᠠᠮᠤᠭ ᠤᠨ ᠶᠡᠭᠡ ᠬᠤᠲᠠ ᠶᠢᠨ ᠪᠠᠭᠤᠷᠢ ᠪᠣᠯᠣᠨ᠎ᠠ᠂ ᠲᠡᠭᠦᠨ ᠢ ᠢᠯᠡᠷᠡᠭᠦᠯᠦᠭᠰᠡᠨ ᠨᠢ ᠳᠤᠮᠳᠠᠳᠤ | ᠤᠯᠤᠰ ᠤᠨ ᠪᠣᠯᠪᠠᠰᠤᠨ ᠤ ᠡᠬᠢ ᠡᠭᠦᠰᠦᠯ ᠬᠢᠭᠡᠳ ᠪᠦᠷᠢᠯᠳᠦᠬᠦ ᠶᠠᠪᠤᠴᠠ ᠳᠠᠬᠢ ᠣᠯᠠᠨ ᠡᠰᠢᠲᠦ ᠴᠢᠨᠠᠷ ᠤᠨ ᠲᠤᠬᠠᠢ | ᠬᠥᠮᠥᠰ ᠤᠨ ᠲᠠᠨᠢᠯᠲᠠ ᠶᠢ ᠪᠠᠶᠠᠯᠢᠭᠵᠢᠭᠤᠯᠪᠠ᠃ | 2017 ᠣᠨ ᠠᠴᠠ 2018 ᠣᠨ ᠪᠤᠯᠲᠠᠯ᠎ᠠ ᠱᠢ ᠮᠣᠣ ᠶᠢᠨ ᠪᠠᠭᠤᠷᠢ ᠶᠢᠨ ᠬᠠᠭᠤᠴᠢ ᠰᠤᠳᠤᠯᠤᠯ ᠤᠨ | ᠠᠵᠢᠯ ᠳᠠᠬᠢᠨᠲᠠ ᠴᠢᠬᠤᠯᠠ ᠱᠠᠲᠤᠴᠢ ᠴᠢᠨᠠᠷᠲᠠᠢ ᠦᠷ᠎ᠡ ᠪᠦᠲᠦᠭᠡᠯ ᠣᠯᠵᠤ᠂ ᠬᠠᠭᠤᠴᠢ ᠰᠤᠳᠤᠯᠤᠭᠴᠢᠳ ᠱᠢ | ᠮᠣᠣ ᠶᠢᠨ ᠬᠠᠭᠠᠨ ᠤ ᠬᠤᠲᠠ ᠶᠢᠨ ᠮᠠᠨᠳᠠᠯ ᠠᠴᠠ ᠠᠮᠠᠨ ᠬᠤᠭᠤᠷ ᠵᠢᠴᠢ ᠬᠤᠯᠪᠣᠭᠳᠠᠯ ᠪᠦᠬᠦᠢ ᠦᠯᠡᠳᠡᠭᠳᠡᠯ ᠡᠳ᠋ ᠢ | ᠮᠠᠯᠲᠠᠨ ᠭᠠᠷᠭᠠᠪᠠ᠂ ᠡᠨᠡ ᠪᠣᠯ ᠣᠳᠣ ᠪᠤᠯᠲᠠᠯ᠎ᠠ ᠮᠡᠳᠡᠵᠤ ᠪᠠᠶᠢᠭ᠎ᠠ ᠳᠡᠯᠡᠬᠡᠢ ᠶᠢᠨ ᠬᠡᠪᠴᠢᠶᠡᠨ ᠳᠠᠬᠢ ᠴᠠᠭ | ︵ᠯᠦᠩᠱᠠᠨ ᠤ ᠴᠠᠭ ᠦᠶ᠎ᠡ ᠶᠢᠨ ᠰᠡᠭᠦᠯᠴᠢ ᠶᠢᠨ ᠬᠤᠭᠤᠴᠠᠭ᠎ᠠ︶ ᠨᠢ ᠬᠠᠮᠤᠭ ᠤᠨ ᠡᠷᠲᠡ᠂ ᠲᠤᠭ᠎ᠠ ᠪᠠᠷ ᠬᠠᠮᠤᠭ ᠤᠨ | ᠠᠷᠪᠢᠨ ᠠᠮᠠᠨ ᠬᠤᠭᠤᠷ ᠤᠨ ᠢᠯᠡᠷᠡᠭᠦᠯᠦᠯᠲᠡ ᠪᠠᠶᠢᠵᠤ᠂ ᠳᠡᠯᠡᠬᠡᠢ ᠶᠢᠨ ᠬᠥᠭᠵᠢᠮ ᠤᠨ ᠲᠡᠦᠬᠡᠨ ᠳᠡᠭᠡᠷᠡᠬᠢ ᠴᠢᠬᠤᠯᠠ | ᠢᠯᠡᠷᠡᠭᠦᠯᠦᠯᠲᠡ ᠪᠣᠯᠣᠨ᠎ᠠ᠃ | 2019 ᠣᠨ ᠳᠤ ᠱᠢ ᠮᠣᠣ ᠶᠢᠨ ᠪᠠᠭᠤᠷᠢ ︽ᠪᠦᠭᠦ ᠤᠯᠤᠰ ᠤᠨ ᠠᠷᠪᠠᠨ ᠶᠡᠭᠡ ᠬᠠᠭᠤᠴᠢ ᠰᠤᠳᠤᠯᠤᠯ ᠤᠨ | ᠰᠢᠨ᠎ᠡ ᠢᠯᠡᠷᠡᠭᠦᠯᠦᠯᠲᠡ︾ ᠪᠠᠷ ᠦᠨᠡᠯᠡᠭᠳᠡᠪᠡ᠃ | | | | | ᠱᠢ ᠮᠣᠣ ᠶᠢᠨ ᠠᠮᠠᠨ ᠬᠤᠭᠤᠷ ᠭᠡᠳᠡᠭ ᠨᠢ ᠴᠣᠬᠤᠮ ᠶᠠᠮᠠᠷ ᠶᠠᠭᠤᠮ᠎ᠠ ᠪᠤᠶ︖ | ᠰᠦᠨ ᠵᠧᠦ ᠶᠦᠩ ᠪᠣᠯ ᠱᠠᠨᠰᠢ ᠮᠤᠵᠢ ᠶᠢᠨ ᠬᠠᠭᠤᠴᠢ ᠰᠤᠳᠤᠯᠤᠯ ᠤᠨ ᠬᠦᠷᠢᠶᠡᠯᠡᠩ ᠤᠨ ᠳᠠᠷᠤᠭ᠎ᠠ᠂ ᠱᠢ | ᠮᠣᠣ ᠶᠢᠨ ᠪᠠᠭᠤᠷᠢ ᠶᠢᠨ ᠬᠠᠭᠤᠴᠢ ᠰᠤᠳᠤᠯᠤᠯ ᠤᠨ ᠠᠩᠭᠢ ᠶᠢᠨ ᠳᠠᠭᠠᠭᠤᠯᠤᠭᠴᠢ ᠪᠣᠯᠣᠨ᠎ᠠ᠂ 2020 ᠣᠨ ᠳᠤ | ᠲᠡᠷᠡ ︽ᠲᠡᠦᠬᠡ ᠶᠢᠨ ᠳᠤᠷᠠᠰᠬᠠᠯᠲᠤ ᠵᠦᠢᠯ︾ ᠭᠡᠳᠡᠭ ᠰᠡᠳᠬᠦᠯ ᠳᠤ ︽ᠱᠠᠨᠰᠢ ᠶᠢᠨ ᠰᠠᠶᠢᠨᠳᠤᠷ᠎ᠠ ᠶᠢᠨ ᠱᠢ ᠮᠣᠣ ᠶᠢᠨ | ᠪᠠᠭᠤᠷᠢ ᠠᠴᠠ ᠣᠯᠳᠠᠭᠰᠠᠨ ᠠᠮᠠᠨ ᠬᠤᠭᠤᠷ ᠤᠨ ᠰᠤᠳᠤᠯᠤᠯ︾ ᠭᠡᠬᠦ ᠵᠣᠬᠢᠶᠠᠯ ᠢᠶᠠᠨ ᠨᠡᠶᠢᠲᠡᠯᠡᠵᠡᠢ᠃ | ᠵᠣᠬᠢᠶᠠᠯ ᠳᠠᠭᠠᠨ ᠪᠢᠴᠢᠭᠰᠡᠨ ᠢᠶᠠᠷ᠂ ︽ᠠᠮᠠᠨ ᠬᠤᠭᠤᠷ︾ ᠢ ᠨᠢᠦᠢ ᠸᠠ ᠡᠭᠦᠳᠦᠭᠰᠡᠨ ᠭᠡᠳᠡᠭ ᠤᠯᠠᠮᠵᠢᠯᠠᠯ | ᠶᠠᠷᠢᠶ᠎ᠠ ᠪᠠᠶᠢᠨ᠎ᠠ᠃ ᠱᠢ ᠮᠣᠣ ᠶᠢᠨ ᠠᠮᠠᠨ ᠬᠤᠭᠤᠷ ᠪᠣᠯ ᠠᠷᠠᠯ ᠪᠣᠯᠣᠨ ᠭᠡᠯᠡ ᠶᠢ ᠨᠢᠭᠡ ᠴᠣᠭᠴᠠᠵᠢᠭᠤᠯᠤᠭᠰᠠᠨ | ᠪᠦᠲᠦᠨ ᠪᠡᠶᠡᠲᠦ ᠠᠮᠠᠨ ᠬᠤᠭᠤᠷ ᠪᠣᠯᠣᠨ᠎ᠠ᠂ ᠠᠷᠠᠯ ᠤᠨ ᠦᠵᠦᠭᠦᠷ ᠲᠠᠬᠢ ᠲᠣᠭᠤᠷᠢᠭ ᠨᠦᠬᠡ ᠶᠢᠨ ᠭᠠᠳᠠᠷ | ᠬᠥᠪᠡᠭᠡᠨ ᠳᠡᠭᠡᠷ᠎ᠡ ᠤᠲᠠᠰᠤ ᠶᠢ ᠲᠠᠲᠠᠵᠤ ᠬᠡᠯᠪᠡᠯᠵᠡᠭᠦᠯᠦᠭᠡᠳ ᠱᠦᠷᠭᠦᠭᠡᠭᠰᠡᠨ ᠣᠷᠣᠮ ᠦᠯᠡᠳᠡᠭᠰᠡᠨ ᠨᠢ ᠠᠮᠠᠨ | ᠬᠤᠭᠤᠷ ᠪᠣᠯ ᠲᠠᠲᠠᠵᠤ ᠬᠡᠯᠪᠡᠯᠵᠡᠭᠦᠯᠬᠦ ᠪᠠᠷ ᠳᠡᠮᠵᠢᠨ ᠠᠮᠠᠨ ᠬᠤᠭᠤᠷ ᠤᠨ ᠭᠡᠯᠡ ᠶᠢ ᠳᠣᠷᠭᠢᠭᠤᠯᠵᠤ ᠪᠠᠶᠢᠭᠰᠠᠨ ᠢ | ᠳᠠᠮ ᠢᠶᠠᠷ ᠬᠠᠷᠠᠭᠤᠯᠵᠤ ᠪᠠᠶᠢᠨ᠎ᠠ᠂ ᠳᠠᠷᠤᠢ ᠤᠲᠠᠰᠤ ᠪᠠᠷ ᠳᠣᠷᠭᠢᠭᠤᠯᠬᠤ ᠠᠮᠠᠨ ᠬᠤᠭᠤᠷ ᠭᠡᠳᠡᠭ᠃ ᠬᠥᠭᠵᠢᠮᠳᠡᠬᠦ | ᠠᠷᠭ᠎ᠠ ᠨᠢ ᠳᠠᠷᠤᠢ ᠠᠮᠠᠨ ᠬᠤᠭᠤᠷᠴᠢ ᠨᠢᠭᠡ ᠭᠠᠷ ᠤᠨ ᠡᠷᠡᠬᠡᠢ ᠬᠤᠷᠤᠭᠤ᠂ ᠳᠣᠯᠣᠪᠤᠷ ᠬᠤᠷᠤᠭᠤ ᠪᠠᠷ ᠢᠶᠠᠨ | ᠠᠷᠠᠯ ᠤᠨ ᠰᠡᠭᠦᠯ ᠢ ᠬᠥᠩᠭᠡᠬᠡᠨ ᠴᠢᠮᠬᠢᠨ᠂ ᠠᠮᠠᠨ ᠬᠤᠭᠤᠷ ᠢᠶᠠᠨ ᠤᠷᠤᠭᠤᠯ ᠳᠠᠭᠠᠨ ᠨᠠᠭᠠᠯᠳᠤᠭᠤᠯᠤᠨ ᠡᠮᠬᠦᠨᠡ᠂ | ᠨᠥᠭᠦᠭᠡ ᠭᠠᠷ ᠢᠶᠠᠷ ᠢᠶᠠᠨ ᠤᠲᠠᠰᠤ ᠶᠢ ᠲᠠᠲᠠᠵᠤ ᠬᠥᠳᠡᠯᠭᠡᠨ᠂ ᠠᠮᠠᠨ ᠬᠤᠭᠤᠷ ᠤᠨ ᠠᠷᠠᠯ ᠢ ᠬᠡᠯᠪᠡᠯᠵᠡᠭᠦᠯᠦᠨᠡ᠂ | ᠠᠮᠠᠨ ᠬᠤᠭᠤᠷ ᠤᠨ ᠠᠷᠠᠯ ᠨᠢ ᠠᠮᠠᠨ ᠬᠤᠭᠤᠷ ᠤᠨ ᠭᠡᠯᠡ ᠶᠢ ᠳᠠᠶᠢᠴᠢᠯᠠᠨ ᠳᠣᠷᠭᠢᠭᠤᠯᠤᠨ᠎ᠠ᠂ ᠬᠥᠭᠵᠢᠮ ᠤᠨ ᠵᠢᠮᠰᠡᠭ | ᠪᠠ ᠠᠮᠠ ᠨᠢᠭᠲᠠ ᠤᠶᠠᠯᠳᠤᠵᠤ᠂ ᠠᠮᠠᠨ ᠬᠥᠨᠳᠡᠢ ᠶᠢᠨ ᠴᠤᠤᠷᠢᠶ᠎ᠠ ᠪᠠ ᠬᠡᠯᠡᠨ ᠤ ᠪᠠᠶᠢᠷᠢ ᠶᠢᠨ ᠬᠤᠪᠢᠷᠠᠯᠲᠠ ᠳᠤ | ᠲᠦᠰᠢᠭᠯᠡᠨ ᠠᠶ᠎ᠠ ᠭᠠᠷᠭᠠᠨ᠎ᠠ᠃ | ᠰᠦᠨ ᠵᠧᠦ ᠶᠦᠩ ᠤᠨ ᠦᠵᠡᠬᠦ ᠪᠠᠷ᠂ ᠴᠢᠨ ᠤᠯᠤᠰ ᠠᠴᠠ ᠡᠮᠦᠨᠡᠬᠢ ᠰᠤᠷᠪᠤᠯᠵᠢ ᠪᠢᠴᠢᠭ ᠲᠠᠬᠢ ︽ᠠᠮᠠᠨ | ᠬᠤᠭᠤᠷ︾ ᠢ ᠣᠯᠠᠩᠬᠢ ᠳᠠᠭᠠᠨ ᠶᠠᠰᠤ᠂ ᠬᠤᠯᠤᠰᠤ ᠪᠠᠷ ᠬᠢᠵᠦ᠂ ᠤᠲᠠᠰᠤ ᠶᠢ ᠨᠢ ᠲᠠᠲᠠᠨ ᠠᠶ᠎ᠠ ᠭᠠᠷᠭᠠᠳᠠᠭ ᠲᠤᠰᠬᠠᠢ | ᠬᠥᠭᠵᠢᠮ ᠤᠨ ᠵᠢᠮᠰᠡᠭ ᠮᠥᠨ᠂ ᠬᠠᠷᠢᠨ ᠪᠠᠭᠴᠠ ᠪᠢᠰᠬᠢᠭᠦᠷ ᠤᠨ ᠪᠦᠷᠢᠯᠳᠦᠭᠦᠨ ᠪᠢᠰᠢ᠃ ᠪᠣᠷᠣᠳᠣᠬᠤᠢ ᠣᠷᠣᠨ ᠪᠣᠯ | ᠳᠡᠯᠡᠬᠡᠢ ᠶᠢᠨ ᠠᠮᠠᠨ ᠬᠤᠭᠤᠷ ᠤᠨ ︽ᠡᠬᠢ ᠡᠭᠦᠰᠦᠯ ᠤᠨ ᠣᠷᠣᠨ︾ ᠮᠥᠨ᠂ ᠱᠢ ᠮᠣᠣ ᠶᠢᠨ ᠠᠮᠠᠨ ᠬᠤᠭᠤᠷ ᠪᠣᠯ | ᠣᠷᠴᠢᠨ ᠣᠶᠢᠷ᠎ᠠ ᠦᠶ᠎ᠡ ᠳᠠᠬᠢ ᠳᠡᠯᠡᠬᠡᠢ ᠶᠢᠨ ᠡᠯ᠎ᠡ ᠭᠠᠵᠠᠷ ᠲᠤ ᠳᠡᠯᠭᠡᠷᠡᠵᠦ ᠪᠠᠶᠢᠭ᠎ᠠ ᠠᠮᠠᠨ ᠬᠤᠭᠤᠷ ᠤᠨ | ᠲᠥᠷᠥᠯ ᠤᠨ ᠬᠥᠭᠵᠢᠮ ᠤᠨ ᠵᠢᠮᠰᠡᠭ ᠤᠨ ᠡᠷᠲᠡᠨ ᠤ ᠭᠡᠯᠪᠡᠷᠢ ᠪᠣᠯᠣᠨ᠎ᠠ᠃ | | | | | ᠬᠠᠮᠠᠭᠠᠯᠠᠬᠤ ᠤᠯᠠᠮᠵᠢᠯᠠᠬᠤ ᠳᠤ ᠬᠠᠷᠠᠮᠰᠠᠯ ᠭᠤᠮᠣᠳᠠᠯ ᠦᠭᠡᠢ ᠵᠢᠳᠬᠦᠪᠡ | ᠾᠥᠸᠧ ᠰᠢᠤ ᠬᠤᠸᠠ ᠰᠢᠯᠢ ᠶᠢᠨ ᠭᠤᠣᠯ ᠠᠶᠢᠮᠠᠭ ᠤᠨ ᠦᠵᠦᠮᠦᠴᠢᠨ ᠬᠤᠰᠢᠭᠤᠨ ᠤ ᠨᠢᠭᠡᠨ ᠪᠠᠶᠠᠨ | ᠴᠢᠨᠡᠭᠡᠯᠢᠭ ᠭᠡᠷ ᠪᠦᠯᠢ ᠳᠤ ᠳᠦᠷᠦᠵᠦ ᠥᠰᠴᠡᠢ᠃ ᠲᠡᠭᠦᠨ ᠤ ᠤᠢ ᠳᠤᠢ ᠳᠣᠲᠣᠷᠠᠬᠢ ᠭᠡᠷ ᠲᠤᠨᠢ ᠪᠠᠶᠢᠭᠰᠠᠨ ᠠᠮᠠᠨ | ᠬᠤᠭᠤᠷ ᠪᠣᠯ ᠲᠡᠭᠦᠨ ᠤ ᠠᠬ᠎ᠠ ᠳᠡᠭᠦᠦ ᠡᠭᠡᠴᠢ ᠳᠡᠭᠦᠦ ᠨᠠᠷ ᠲᠠᠢ ᠪᠠᠨ ᠲᠣᠭᠯᠠᠵᠤ ᠪᠠᠶᠢᠭᠰᠠᠨ ᠲᠣᠭᠯᠠᠭᠠᠮ ᠪᠣᠯᠣᠨ᠎ᠠ᠂ | ᠲᠠᠳᠠ ᠦᠷᠭᠦᠯᠵᠢ ᠬᠠᠮᠲᠤ ᠴᠤᠭᠯᠠᠷᠠᠭᠠᠳ ᠠᠮᠠᠨ ᠬᠤᠭᠤᠷ ᠬᠥᠭᠵᠢᠮᠳᠡᠨ ᠨᠠᠭᠠᠳᠴᠤ ᠪᠠᠶᠢᠵᠠᠢ᠃ | ︽ᠠᠮᠠᠨ ᠬᠤᠭᠤᠷ ᠪᠣᠯ ᠮᠢᠨᠤ ᠪᠠᠭ᠎ᠠ ᠶᠢᠨ ᠦᠶ᠎ᠡ ᠶᠢᠨ ᠨᠠᠨᠳᠢᠨ ᠳᠤᠷᠠᠰᠤᠮᠵᠢ ᠲᠡᠳᠦᠢ ᠦᠭᠡᠢ᠂ ᠨᠡᠩ ᠴᠤ | ᠳᠤᠮᠳᠠᠳᠤ ᠤᠯᠤᠰ ᠤᠨ ᠤᠯᠠᠮᠵᠢᠯᠠᠯᠲᠤ ᠬᠥᠭᠵᠢᠮ ᠤᠨ ᠵᠢᠮᠰᠡᠭ ᠪᠣᠯᠬᠤᠷ ᠪᠢ ᠠᠮᠠᠨ ᠬᠤᠭᠤᠷ ᠰᠤᠳᠤᠯᠵᠤ ᠪᠠᠶᠢᠨ᠎ᠠ︾ | ᠭᠡᠵᠦ ᠾᠥᠸᠧ ᠰᠢᠤ ᠬᠤᠸᠠ ᠴᠠᠭᠠᠪᠤᠷᠯᠠᠵᠤ ᠪᠠᠶᠢᠯ᠎ᠠ᠃ ᠠᠮᠠᠨ ᠬᠤᠭᠤᠷ ᠪᠣᠯ ᠡᠷᠲᠡᠨ ᠤ ᠬᠥᠮᠥᠰ ᠤᠨ | ᠬᠤᠭᠤᠷᠣᠨᠳᠤ ᠪᠠᠨ ᠬᠠᠷᠢᠯᠴᠠᠬᠤ ᠪᠠᠭᠠᠵᠢ ᠮᠥᠨ᠂ ᠲᠡᠭᠦᠨ ᠢ ᠰᠡᠳᠬᠢᠯ ᠢᠶᠠᠨ ᠢᠯᠡᠳᠬᠡᠬᠦ ᠪᠠ ᠱᠠᠰᠢᠨ ᠤ | ᠲᠠᠭᠢᠯᠭ᠎ᠠ ᠳᠤ ᠬᠡᠷᠡᠭᠯᠡᠳᠡᠭ ᠪᠠᠶᠢᠵᠠᠢ᠃ | 2007 ᠣᠨ ᠳᠤ ᠠᠵᠢᠯ ᠠᠴᠠ ᠪᠠᠨ ᠠᠮᠠᠷᠠᠬᠤ ᠠᠴᠠ ᠡᠮᠦᠨ᠎ᠡ᠂ ᠾᠥᠸᠧ ᠰᠢᠤ ᠬᠤᠸᠠ ᠤᠳᠬ᠎ᠠ | ᠤᠷᠠᠯᠢᠭ ᠤᠨ ᠨᠢᠭᠡᠴᠢ ᠳᠤ ᠠᠵᠢᠯᠯᠠᠵᠤ ᠪᠠᠶᠢᠭᠰᠠᠨ ᠪᠣᠯᠬᠤᠷ ᠵᠠᠪᠰᠢᠶᠠᠨ ᠢᠶᠠᠷ ᠮᠣᠩᠭᠤᠯ ᠤᠯᠤᠰ ᠵᠡᠷᠭᠡ ᠤᠯᠤᠰ ᠲᠤ | ᠬᠦᠷᠴᠦ ᠲᠣᠭᠤᠷᠢᠨ ᠦᠵᠡᠵᠦ ᠰᠣᠯᠢᠯᠴᠠᠨ ᠰᠤᠷᠤᠯᠴᠠᠵᠤ ᠪᠠᠶᠢᠪᠠ᠃ | ᠲᠡᠭᠦᠨ ᠤ ᠵᠢᠩᠬᠢᠨᠢ ᠪᠠᠷ ᠠᠮᠠᠨ ᠬᠤᠭᠤᠷ ᠰᠤᠳᠤᠯᠵᠤ ᠡᠬᠢᠯᠡᠭᠰᠡᠨ ᠢ 2011 ᠣᠨ ᠠᠴᠠ ᠡᠬᠢᠯᠡᠵᠦ ᠶᠠᠷᠢᠬᠤ | ᠤᠴᠢᠷ ᠲᠠᠢ᠃ | ᠲᠡᠷᠡ ᠵᠢᠯ᠂ 58 ᠨᠠᠰᠤᠲᠠᠢ ᠾᠥᠸᠧ ᠰᠢᠤ ᠬᠤᠸᠠ ᠨᠢᠭᠡᠨ ᠡᠳᠦᠷ ᠲᠧᠯᠸᠢᠰ ᠤᠨ ᠨᠢᠭᠡ ᠫᠷᠣᠭ᠍ᠷᠠᠮ ᠢ ᠣᠯᠵᠤ | ᠦᠵᠡᠯ᠎ᠡ᠄ ᠣᠷᠣᠰ ᠤᠨ ᠬᠤᠯᠪᠣᠭᠠᠨ ᠤ ᠪᠦᠭᠦᠳᠡ ᠨᠠᠶᠢᠷᠠᠮᠳᠠᠬᠤ ᠶᠠᠺᠦ᠋ᠲ ᠤᠯᠤᠰ ᠤᠨ ᠳᠣᠯᠣᠳᠤᠭᠠᠷ ᠬᠤᠭᠤᠴᠠᠭᠠᠨ ᠤ | ᠣᠯᠠᠨ ᠤᠯᠤᠰ ᠤᠨ ᠠᠮᠠᠨ ᠬᠤᠭᠤᠷ ᠤᠨ ᠣᠯᠠᠨ ᠤᠯᠤᠰ ᠤᠨ ᠰᠣᠶᠣᠯ ᠤᠷᠠᠯᠢᠭ ᠤᠨ ᠨᠠᠶᠢᠷ ᠤᠨ ᠬᠤᠭᠤᠴᠠᠭᠠᠨ ᠳᠤ | 20 ᠭᠠᠷᠤᠢ ᠤᠯᠤᠰ ᠤᠨ 1344 ᠠᠮᠠᠨ ᠬᠤᠭᠤᠷᠴᠢ ᠪᠠ ᠪᠠᠭ᠋ᠠᠲᠠᠨ ᠬᠠᠮᠲᠤ ᠳᠠᠭᠠᠨ ᠵᠡᠷᠭᠡ ᠪᠠᠷ ᠠᠮᠠᠨ ᠬᠤᠭᠤᠷ | ᠬᠥᠭᠵᠢᠮᠳᠡᠭᠡᠳ᠂ ᠬᠥᠭᠵᠢᠮᠳᠡᠭᠰᠡᠨ ᠬᠥᠮᠥᠨ ᠤ ᠲᠤᠭ᠎ᠠ ᠪᠠᠷ ᠬᠠᠮᠤᠭ ᠤᠨ ᠣᠯᠠᠨ ᠭᠢᠨᠢᠰ ᠤᠨ ᠳᠡᠯᠡᠬᠡᠢ ᠶᠢᠨ | ᠲᠡᠮᠳᠡᠭᠯᠡᠯ ᠢ ᠡᠭᠦᠳᠴᠦ᠂ ᠨᠢᠭᠡ ᠠᠶ᠎ᠠ ᠨᠢ 7 ᠮᠢᠨᠦ᠋ᠲ ᠠᠴᠠ ᠬᠡᠲᠦᠷᠡᠭᠰᠡᠨ ᠪᠠᠶᠢᠨ᠎ᠠ᠃ | ︽ᠲᠡᠶᠢᠮᠦ ᠣᠯᠠᠨ ᠤᠯᠤᠰ ᠤᠨ ᠬᠥᠮᠥᠰ ᠠᠮᠠᠨ ᠬᠤᠭᠤᠷ ᠬᠥᠭᠵᠢᠮᠳᠡᠬᠦ ᠳᠤ ᠣᠷᠣᠯᠴᠠᠬᠰᠠᠨ ᠪᠠᠶᠢᠲᠠᠯ᠎ᠠ ᠬᠠᠷᠢᠨ | ᠮᠠᠨ ᠤ ᠳᠤᠮᠳᠠᠳᠤ ᠶᠢᠨ ᠬᠥᠮᠥᠨ ᠠᠯᠠᠭ᠎ᠠ ᠪᠠᠶᠢᠭᠰᠠᠨ ᠳ᠋ᠠ᠂ ᠭᠡᠬᠦ ᠳᠤ ᠠᠮᠠᠨ ᠬᠤᠭᠤᠷ ᠢ ᠮᠠᠨ ᠤ ᠳᠤᠮᠳᠠᠳᠤ ᠶᠢᠨ | ᠬᠥᠮᠥᠨ ᠡᠭᠦᠳᠦᠭᠰᠡᠨ ᠰᠢᠦ︾ ᠭᠡᠵᠦ ᠡᠷᠭᠢᠴᠡᠭᠦᠯᠬᠦ ᠳᠡᠭᠡᠨ ᠾᠥᠸᠧ ᠰᠢᠤ ᠬᠤᠸᠠ ᠤᠳᠤ ᠴᠸ ᠭᠡᠰᠡᠨ ᠮᠥᠨ ᠯᠡ | ᠰᠡᠳᠬᠢᠯ ᠬᠥᠳᠡᠯᠦᠨ᠎ᠡ᠂ ︽ᠲᠡᠷᠡ ᠦᠶ᠎ᠡ ᠳᠤ ᠪᠢ ᠨᠠᠩ ᠣᠯᠠᠨ ᠳᠤᠮᠳᠠᠳᠤᠴᠤᠳ ᠲᠤ ᠠᠮᠠᠨ ᠬᠤᠭᠤᠷ ᠢ ᠮᠡᠳᠡᠭᠦᠯᠵᠦ᠂ | ᠤᠯᠠᠮᠵᠢᠯᠠᠯ ᠢ ᠲᠠᠰᠤᠯᠳᠠᠭᠤᠯᠵᠤ ᠪᠤᠯᠬᠤ ᠦᠭᠡᠢ ᠭᠡᠵᠦ ᠵᠣᠷᠢᠭ ᠰᠢᠭᠤᠳᠤᠯ᠎ᠠ︾ ᠭᠡᠵᠦ ᠾᠥᠸᠧ ᠰᠢᠤ ᠬᠤᠸᠠ | ᠶᠠᠷᠢᠵᠤ ᠪᠠᠶᠢᠯ᠎ᠠ᠃ | | | | | ᠲᠡᠭᠦᠨ ᠠᠴᠠ ᠬᠤᠶᠢᠰᠢᠬᠢ ᠬᠡᠳᠦᠨ ᠵᠢᠯ ᠳᠤ ᠾᠥᠸᠧ ᠰᠢᠤ ᠬᠤᠸᠠ ᠣᠯᠠᠨᠲᠠ ᠥᠪᠡᠷ ᠤᠨ | ᠰᠦᠢᠳᠬᠡᠯ ᠢᠶᠠᠷ ᠢᠶᠠᠨ ᠣᠷᠴᠢᠭᠤᠯᠤᠭᠴᠢ ᠨᠠᠷ ᠢᠶᠠᠨ ᠳᠠᠭᠠᠭᠤᠯᠤᠭᠠᠳ ᠮᠣᠩᠭᠤᠯ ᠤᠯᠤᠰ᠂ ᠤᠷᠤᠰ ᠤᠨ ᠬᠤᠯᠪᠣᠭᠠᠨ ᠤ | ᠪᠦᠭᠦᠳᠡ ᠨᠠᠶᠢᠷᠠᠮᠳᠠᠬᠤ ᠶᠠᠺᠦ᠋ᠲ ᠤᠯᠤᠰ ᠲᠤ ᠬᠦᠷᠴᠦ ᠠᠮᠠᠨ ᠬᠤᠭᠤᠷ ᠵᠠᠬᠢᠶᠠᠯᠠᠨ ᠬᠢᠯᠭᠡᠵᠡᠢ᠃ | ︽ᠭᠠᠳᠠᠭᠠᠳᠤ ᠳᠤ ᠠᠮᠠᠨ ᠬᠤᠭᠤᠷ ᠢ ᠪᠣᠯᠣᠳ ᠢᠶᠠᠷ ᠬᠢᠨ᠎ᠡ᠂ ᠳᠤᠷᠭᠢᠵᠤ ᠭᠠᠷᠤᠭᠰᠠᠨ ᠲᠠᠭᠤ ᠨᠢ ᠮᠠᠰᠢ | ᠰᠣᠨᠣᠰᠪᠤᠷᠢᠲᠠᠢ᠂ ᠪᠢ ᠭᠠᠳᠠᠭᠠᠳᠤ ᠠᠴᠠ ᠨᠢᠭᠡ ᠠᠮᠠᠨ ᠬᠤᠭᠤᠷ ᠢ 500 ᠲᠥᠭᠦᠷᠢᠭ ᠢᠶᠠᠷ ᠭᠢᠯᠭᠡᠵᠤ ᠪᠠᠶᠢᠭᠰᠠᠨ᠂ | ᠤᠳᠠᠭ᠎ᠠ ᠪᠦᠷᠢ 100 ᠶᠢ ᠵᠠᠬᠢᠶᠠᠯᠠᠨ᠎ᠠ᠂ ᠤᠯᠤᠰ ᠲᠠᠭᠠᠨ ᠪᠤᠴᠠᠵᠤ ᠢᠷᠡᠭᠰᠡᠨ ᠤ ᠲᠠᠷᠠᠭ᠎ᠠ ᠦᠨ᠎ᠡ ᠲᠥᠯᠥᠪᠦᠷᠢ | ᠦᠭᠡᠢ ᠪᠠᠷ ᠬᠥᠮᠥᠰ ᠲᠤ ᠠᠮᠠᠨ ᠬᠤᠭᠤᠷ ᠬᠥᠭᠵᠢᠮᠳᠡᠬᠦ ᠶᠢ ᠵᠢᠭᠠᠭᠠᠳ᠂ ᠠᠮᠠᠨ ᠬᠤᠭᠤᠷ ᠢᠶᠠᠨ ᠲᠡᠳᠡᠨ ᠳᠤ ᠬᠦᠷᠭᠡᠵᠦ᠂ | ᠵᠢᠯ ᠪᠦᠷᠢ ᠭᠤᠷᠪᠠ ᠲᠦᠷᠪᠡᠨ ᠲᠦᠮᠡᠨ ᠲᠥᠭᠦᠷᠢᠭ ᠵᠠᠷᠤᠴᠠᠭᠤᠯᠳᠠᠭ︾ ᠭᠡᠵᠦ ᠾᠥᠸᠧ ᠰᠢᠤ ᠬᠤᠸᠠ | ᠲᠠᠨᠢᠯᠴᠠᠭᠤᠯᠤᠨ᠎ᠠ᠃ | 2013 ᠣᠨ ᠳᠤ᠂ ᠾᠥᠸᠧ ᠰᠢᠤ ᠬᠤᠸᠠ ᠬᠠᠳᠠᠭᠠᠯᠠᠮᠵᠢ ᠪᠠᠨ ᠪᠦᠭᠦᠨ ᠢ ᠵᠠᠷᠤᠵᠤ ᠳᠠᠭᠤᠰᠬᠠᠭᠠᠳ | ᠭᠠᠴᠢᠭᠳᠠᠬᠤ ᠳᠠᠭᠠᠨ ᠨᠤᠲᠤᠭ ᠲᠠᠭᠠᠨ ᠪᠠᠶᠢᠭᠰᠠᠨ ᠠᠰᠠᠷ ᠢᠶᠠᠨ 50 ᠲᠦᠮᠡᠨ ᠲᠥᠭᠦᠷᠢᠭ ᠢᠶᠠᠷ ᠬᠤᠳᠠᠯᠳᠤᠵᠤ᠂ | ᠪᠦᠭᠦᠨ ᠢ ᠠᠮᠠᠨ ᠬᠤᠭᠤᠷ ᠢ ᠤᠯᠠᠮᠵᠢᠯᠠᠵᠤ ᠰᠤᠳᠤᠯᠬᠤ ᠳᠤ ᠬᠡᠷᠡᠭᠯᠡᠭᠰᠡᠨ ᠪᠠᠶᠢᠨ᠎ᠠ᠂ ᠤᠳᠤ ᠪᠤᠯᠲᠠᠯ᠎ᠠ 10 ᠭᠠᠷᠤᠢ | ᠵᠢᠯ ᠤᠨ ᠲᠤᠷᠰᠢ ᠨᠢᠭᠡᠨᠲᠡ 100 ᠭᠠᠷᠤᠢ ᠲᠦᠮᠡᠨ ᠲᠥᠭᠦᠷᠢᠭ ᠵᠠᠷᠤᠴᠠᠭᠤᠯᠪᠠ᠃ | ︽ᠰᠠᠶᠢᠨ ᠮᠡᠳᠡᠳᠡᠭ ᠬᠥᠮᠥᠰ ᠨᠠᠮᠠᠶᠢ ︿ᠰᠣᠯᠢᠶ᠎ᠠ ᠲᠠᠢ﹀ ᠭᠡᠳᠡᠭ᠂ ᠭᠡᠪᠡᠴᠦ ᠪᠢ ᠣᠶᠢᠰᠢᠶᠠᠬᠤ ᠦᠭᠡᠢ᠂ ᠪᠣᠯᠣᠨ᠎ᠠ | ᠭᠡᠵᠦ ᠪᠤᠳᠤᠬᠰᠠᠨ ᠵᠦᠭ ᠲᠡᠭᠡᠨ ᠬᠡᠳᠦᠢ ᠬᠦᠴᠢᠷ ᠪᠠᠶᠢᠭᠰᠠᠨ ᠴᠤ ᠪᠤᠴᠠᠰᠢ ᠦᠭᠡᠢ ᠲᠡᠮᠡᠦᠯᠦᠨ᠎ᠡ︾ ᠭᠡᠵᠦ ᠾᠥᠸᠧ | ᠰᠢᠤ ᠬᠤᠸᠠ ᠬᠡᠯᠡᠨ᠎ᠡ᠃ ᠬᠥᠮᠥᠨ ᠭᠡᠵᠦ ᠶᠠᠪᠤᠪᠠᠯ ᠶᠡᠷᠦ ᠨᠢ ᠡᠭᠦᠷᠭᠡᠯᠡᠯ ᠬᠠᠷᠢᠭᠤᠴᠠᠯᠭ᠎ᠠ ᠲᠠᠢ ᠪᠠᠶᠢᠬᠤ ᠬᠡᠷᠡᠭᠲᠡᠢ᠃ | | | | | ᠵᠠᠬᠢᠶᠠᠯᠠᠵᠤ ᠬᠢᠯᠭᠡᠭᠰᠡᠨ ᠠᠮᠠᠨ ᠬᠤᠭᠤᠷ ᠤᠨ ᠶᠠᠰᠤ ᠴᠢᠨᠠᠷ ᠨᠢ ᠰᠠᠶᠢᠨ ᠪᠠᠶᠢᠪᠠ | ᠰᠦᠨ ᠵᠧᠦ ᠶᠦᠩ ᠠᠮᠠᠨ ᠬᠤᠭᠤᠷ ᠤᠨ ᠪᠤᠢ ᠪᠣᠯᠤᠭᠰᠠᠨ ᠲᠤᠬᠠᠢ ︽ᠱᠠᠨᠰᠢ ᠶᠢᠨ ᠰᠠᠶᠢᠨᠳᠤᠷ᠎ᠠ ᠶᠢᠨ ᠱᠢ | ᠮᠣᠣ ᠶᠢᠨ ᠪᠠᠭᠤᠷᠢ ᠠᠴᠠ ᠣᠯᠳᠠᠭᠰᠠᠨ ᠠᠮᠠᠨ ᠬᠤᠭᠤᠷ ᠤᠨ ᠰᠤᠳᠤᠯᠤᠯ︾ ᠭᠡᠬᠦ ᠵᠣᠬᠢᠶᠠᠯ ᠳᠠᠭᠠᠨ ᠱᠢ ᠮᠣᠣ ᠶᠢᠨ | ᠪᠠᠭᠤᠷᠢ ᠶᠢᠨ ᠣᠷᠣᠰᠢᠵᠤ ᠪᠠᠶᠢᠭ᠎ᠠ ᠳᠤᠮᠳᠠᠳᠤ ᠤᠯᠤᠰ ᠤᠨ ᠤᠮᠠᠷᠠᠲᠤ ᠶᠢᠨ ᠪᠣᠷᠣᠳᠣᠬᠤᠢ ᠶᠢᠨ ᠭᠠᠵᠠᠷ ᠣᠷᠣᠨ ᠪᠣᠯ | ᠳᠡᠯᠡᠬᠡᠢ ᠳᠡᠭᠡᠷᠡᠬᠢ ᠤᠲᠠᠰᠤ ᠪᠠᠷ ᠳᠣᠷᠭᠢᠭᠤᠯᠬᠤ ᠬᠠᠮᠤᠭ ᠤᠨ ᠡᠷᠲᠡᠨ ᠤ ᠪᠦᠲᠦᠨ ᠪᠡᠶᠡᠲᠦ ᠠᠮᠠᠨ ᠬᠤᠭᠤᠷ ᠢ | ᠵᠣᠬᠢᠶᠠᠵᠠᠢ᠂ ᠰᠢᠶᠠ ᠱᠠᠩ ᠤᠯᠤᠰ ᠤᠨ ᠦᠶ᠎ᠡ ︵ᠨᠡᠶᠢᠲᠡ ᠶᠢᠨ ᠣᠨ ᠲᠣᠭᠠᠯᠠᠯ ᠠᠴᠠ ᠡᠮᠦᠨ᠎ᠡ 1500 ᠣᠨ︶ ᠳᠤ | ᠡᠷᠭᠢᠨ ᠲᠣᠭᠤᠷᠢᠨ ᠳᠠᠭᠠᠨ ᠤᠯᠠᠮᠵᠢᠯᠠᠨ ᠳᠡᠯᠭᠡᠷᠡᠭᠦᠯᠵᠦ᠂ ᠳᠤᠮᠳᠠᠳᠤ ᠤᠯᠤᠰ ᠤᠨ ᠤᠮᠠᠷᠠᠲᠤ ᠶᠢᠨ ᠰᠣᠶᠣᠯ ᠤᠨ | ᠡᠸᠦ᠋ᠷᠦᠫᠡ ᠠᠽᠢᠶ᠎ᠠ ᠶᠢᠨ ᠲᠠᠯ᠎ᠠ ᠨᠤᠲᠤᠭ ᠳᠠᠭᠠᠤ ᠪᠠᠷᠠᠭᠤᠨᠰᠢ᠂ ᠤᠮᠠᠷᠠᠰᠢ ᠨᠥᠯᠥᠭᠡᠯᠡᠭᠰᠡᠨ ᠴᠢᠬᠤᠯᠠ ᠪᠣᠳᠠᠲᠤ | ᠭᠡᠷᠡᠴᠢ ᠵᠢᠴᠢ ᠡᠸᠦ᠋ᠷᠦᠫᠡ ᠠᠽᠢᠶ᠎ᠠ ᠶᠢᠨ ᠲᠠᠯ᠎ᠠ ᠨᠤᠲᠤᠭ ᠤᠨ ᠵᠡᠭᠦᠨ ᠬᠡᠰᠡᠭ ᠤᠨ ᠭᠠᠵᠠᠷ ᠣᠷᠣᠨ ᠯᠤᠭ᠎ᠠ ᠶᠢᠨ | ᠰᠣᠶᠣᠯ ᠤᠨ ᠰᠣᠯᠢᠯᠴᠠᠭᠠᠨ ᠤ ᠴᠢᠬᠤᠯᠠ ᠠᠴᠢᠶᠠᠯᠠᠪᠤᠷᠢ ᠪᠣᠯᠤᠭᠰᠠᠨ ᠪᠠᠶᠢᠨ᠎ᠠ᠃ ᠪᠦᠷᠢᠳᠬᠡᠯ ᠢ ᠦᠨᠳᠦᠰᠦᠯᠡᠪᠡᠯ᠂ | ᠠᠮᠠᠨ ᠬᠤᠭᠤᠷ ᠳᠡᠯᠡᠬᠡᠢ ᠶᠢᠨ ᠬᠡᠪᠴᠢᠶᠡᠨ ᠳᠤ ᠪᠠᠷᠤᠭ 1000 ᠵᠦᠢᠯ ᠠᠴᠠ ᠳᠡᠭᠡᠭᠰᠢ ᠠᠳᠠᠯᠢ ᠪᠤᠰᠤ | ᠨᠡᠷᠡᠶᠢᠳᠦᠯ ᠲᠠᠢ ᠪᠠᠶᠢᠳᠠᠭ ᠭᠡᠨ᠎ᠡ᠃ | ᠲᠡᠮᠦᠷᠯᠢᠭ ᠪᠤᠯᠪᠠᠰᠤᠷᠠᠭᠤᠯᠬᠤ ᠮᠡᠷᠭᠡᠵᠢᠯ ᠤᠨ ᠬᠥᠭᠵᠢᠯᠲᠡ ᠶᠢ ᠳᠠᠭᠠᠯᠳᠤᠨ᠂ ᠬᠠᠨ ᠤᠯᠤᠰ ᠤᠨ ᠦᠶ᠎ᠡ ᠳᠤ | ᠠᠷᠠᠯ ᠪᠣᠯᠣᠨ ᠭᠡᠯᠡ ᠶᠢ ᠠᠰ ᠠᠰ ᠲᠤᠨᠢ ᠴᠢᠳᠬᠤᠭᠰᠠᠨ ᠠᠮᠠᠨ ᠬᠤᠭᠤᠷ ᠪᠤᠢ ᠪᠣᠯᠵᠤ᠂ ᠳᠤᠮᠳᠠᠳᠤ ᠤᠯᠤᠰ ᠤᠨ | ᠮᠣᠩᠭᠤᠯ᠂ ᠮᠠᠨᠵᠤ᠂ ᠳᠠᠭᠤᠷ᠂ ᠣᠷᠴᠣᠨ᠂ ᠬᠤᠲᠣᠩ᠂ ᠢ᠂ ᠾᠧᠵᠧ ᠵᠡᠷᠭᠡ ᠦᠨᠳᠦᠰᠦᠲᠡᠨ ᠤ ᠳᠤᠮᠳᠠ ᠳᠡᠯᠭᠡᠷᠡᠵᠦ᠂ | ᠣᠳᠣ ᠦᠶ᠎ᠡ ᠶᠢᠨ ᠠᠮᠠᠨ ᠬᠤᠭᠤᠷ ᠤᠨ ᠭᠤᠣᠯ ᠭᠡᠯᠪᠡᠷᠢ ᠪᠣᠯᠤᠭᠰᠠᠨ ᠪᠠᠶᠢᠨ᠎ᠠ᠃ | | | | | ᠴᠢᠩ ᠤᠯᠤᠰ ᠤᠨ ᠵᠠᠰᠠᠭ ᠤᠨ ᠭᠠᠵᠠᠷ ᠠᠮᠠᠨ ᠬᠤᠭᠤᠷ ᠢ ᠣᠷᠳᠣᠨ ᠤ ᠬᠥᠭᠵᠢᠮ ᠤᠨ ᠵᠢᠮᠰᠡᠭ ᠲᠤ | ᠣᠷᠣᠭᠤᠯᠵᠤ ᠪᠠᠶᠢᠵᠠᠢ᠃ ᠲᠡᠦᠬᠡᠨ ᠳᠡᠭᠡᠷ᠎ᠡ ᠠᠮᠠᠨ ᠬᠤᠭᠤᠷ ᠪᠦᠭᠦᠶᠢᠯᠡ ᠳᠤᠮᠳᠠᠳᠤ ᠤᠯᠤᠰ ᠤᠨ ᠤᠮᠠᠷᠠᠲᠤ ᠶᠢᠨ | ᠲᠠᠯ᠎ᠠ ᠨᠤᠲᠤᠭ ᠲᠤ ᠲᠠᠷᠬᠠᠵᠤ ᠪᠠᠶᠢᠵᠠᠢ᠃ | ︽ᠠᠮᠠᠨ ᠬᠤᠭᠤᠷ ᠤᠨ ᠬᠥᠭᠵᠢᠮ ᠤᠨ ᠠᠶᠢᠵᠠᠮ ᠨᠢ ᠨᠡᠯᠢᠶᠡᠳ ᠭᠢᠯᠪᠠᠷ᠂ ᠣᠯᠠᠩᠬᠢ ᠨᠢ ᠢᠵᠢᠯᠢ ᠠᠶᠠᠰ ᠤᠨ | ᠳᠠᠪᠲᠠᠯᠲᠠ ᠪᠠ ᠳᠡᠰ ᠠᠬᠢᠭᠤᠯᠤᠭᠰᠠᠨ ᠠᠶᠠᠰ ᠤᠨ ᠭᠡᠯᠪᠡᠷᠢ ᠪᠠᠷ ᠪᠦᠷᠢᠯᠳᠦᠨ᠎ᠡ᠂ ᠠᠮᠠᠨ ᠬᠤᠭᠤᠷᠴᠢ ᠠᠪᠤᠨ ᠳᠣᠣᠷ᠎ᠠ | ᠪᠠᠨ ᠬᠤᠪᠢᠷᠠᠭᠤᠯᠤᠨ ᠬᠥᠭᠵᠢᠮᠳᠡᠵᠦ ᠪᠣᠯᠣᠨ᠎ᠠ᠂ ᠬᠥᠭᠵᠢᠮ ᠨᠢ ᠣᠷᠳᠣ ᠪᠣᠭᠤᠨᠢ ᠪᠦᠷ ᠪᠠᠶᠢᠵᠤ ᠪᠣᠯᠣᠨ᠎ᠠ᠂ | ᠣᠯᠠᠩᠬᠢ ᠳᠠᠭᠠᠨ ᠭᠤᠴᠣᠯᠠᠯ ᠬᠥᠭᠵᠢᠮ ᠳᠤ ᠬᠡᠷᠡᠭᠯᠡᠨ᠎ᠡ︾ ᠭᠡᠵᠦ ᠾᠥᠸᠧ ᠰᠢᠤ ᠬᠤᠸᠠ ᠲᠠᠨᠢᠯᠴᠠᠭᠤᠯᠵᠤ ᠪᠠᠶᠢᠯ᠎ᠠ᠃ | ᠵᠠᠷᠢᠮ ᠠᠮᠠᠨ ᠬᠤᠭᠤᠷ ᠤᠨ ᠠᠶ᠎ᠠ ᠨᠢ ᠰᠢᠪᠠᠭᠤᠨ ᠤ ᠵᠢᠷᠭᠢᠬᠦ ᠪᠤᠶᠤ ᠠᠮᠢᠲᠠᠨ ᠤ ᠲᠠᠭᠤ ᠶᠢ ᠳᠠᠭᠤᠷᠢᠶᠠᠵᠤ᠂ | ᠬᠥᠭᠵᠢᠮ ᠳᠤ ᠭᠦᠭ ᠨᠡᠮᠡᠳᠡᠭ᠃ ᠠᠮᠠᠨ ᠬᠤᠭᠤᠷ ᠤᠨ ᠳᠤᠷᠭᠢᠵᠤ ᠭᠠᠷᠭᠠᠭᠰᠠᠨ ᠳᠠᠭᠤ ᠨᠢ ᠵᠢᠮ᠎ᠡ ᠶᠣᠰᠣ ᠲᠠᠢ | ᠳᠣᠷᠭᠢᠯᠲᠠ ᠪᠣᠯᠬᠤᠷ ᠪᠠᠰᠠ ᠬᠥᠮᠥᠨ ᠲᠥᠷᠥᠯᠬᠢᠲᠡᠨ ᠤ ᠬᠥᠭᠵᠢᠮ ᠤᠨ ᠪᠣᠯᠪᠠᠰᠤᠨ ᠤ ᠳᠠᠭᠤ ᠶᠢ ᠲᠣᠭᠲᠠᠭᠠᠬᠤ | ᠪᠠᠭᠠᠵᠢ ᠭᠡᠳᠡᠭ᠃ | ᠾᠥᠸᠧ ᠰᠢᠤ ᠬᠤᠸᠠ 2011 ᠣᠨ ᠠᠴᠠ ᠤᠳᠤ ᠪᠤᠯᠲᠠᠯ᠎ᠠ ᠠᠮᠠᠨ ᠬᠤᠭᠤᠷ ᠢ ᠤᠯᠠᠮᠵᠢᠯᠠᠵᠤ ᠬᠠᠮᠠᠭᠠᠯᠠᠬᠤ | ᠠᠶᠠᠨ ᠳᠤ ᠨᠢᠭᠡᠨᠲᠡ 12 ᠵᠢᠯ ᠰᠢᠨᠲᠠᠷᠠᠰᠢ ᠦᠭᠡᠢ ᠵᠢᠳᠬᠦᠵᠡᠢ᠂ ᠣᠶᠢᠷ᠎ᠠ ᠶᠢᠨ ᠵᠢᠯ ᠤᠨ ᠲᠤᠷᠰᠢ ᠤᠯᠤᠰ ᠤᠨ | ᠰᠢᠨᠵᠢᠯᠡᠬᠦ ᠤᠬᠠᠭᠠᠨ ᠲᠸᠭᠨᠢᠭ ᠮᠡᠷᠭᠡᠵᠢᠯ ᠤᠨ ᠲᠠᠰᠤᠷᠠᠯᠲᠠ ᠦᠭᠡᠢ ᠬᠥᠭᠵᠢᠬᠦ ᠶᠢ ᠳᠠᠭᠠᠯᠳᠤᠨ᠂ ᠲᠡᠷᠡ | ᠭᠠᠳᠠᠭᠠᠳᠤ ᠠᠴᠠ ᠠᠮᠠᠨ ᠬᠤᠭᠤᠷ ᠬᠤᠳᠠᠯᠳᠤᠨ ᠠᠪᠬᠤ ᠪᠠᠨ ᠪᠣᠯᠢᠭᠠᠳ᠂ ᠤᠯᠤᠰ ᠤᠨ ᠳᠣᠲᠣᠭᠠᠳᠤ ᠳᠤ ᠵᠠᠬᠢᠶᠠᠯᠠᠨ | ᠬᠢᠯᠭᠡᠬᠦ ᠪᠣᠯᠵᠤ᠂ ᠬᠡᠳᠦᠨ ᠵᠢᠯ ᠤᠨ ᠲᠤᠷᠰᠢ ᠠᠵᠢᠭᠯᠠᠬᠤ ᠳᠤ ᠦᠷ᠎ᠡ ᠪᠦᠲᠦᠮᠵᠢ ᠨᠢ ᠮᠠᠰᠢ ᠰᠠᠶᠢᠨ ᠪᠠᠶᠢᠨ᠎ᠠ᠃ | ︽ᠮᠠᠨ ᠤ ᠣᠲᠣ ᠶᠢᠨ ᠠᠮᠠᠨ ᠬᠤᠭᠤᠷ ᠤᠨ ᠶᠠᠰᠤ ᠴᠢᠨᠠᠷ ᠨᠢᠭᠡᠨᠲᠡ ᠭᠠᠳᠠᠭᠠᠳᠤ ᠶᠢᠨ ᠬᠢ ᠠᠴᠠ ᠳᠠᠪᠠᠵᠠᠢ᠂ ᠳᠤᠷᠭᠢᠵᠤ | ᠭᠠᠷᠭᠠᠭᠰᠠᠨ ᠲᠠᠭᠤ ᠨᠢ ᠮᠠᠰᠢ ᠰᠣᠨᠣᠰᠪᠤᠷᠢᠲᠠᠢ︾ ᠭᠡᠵᠦ ᠾᠥᠸᠧ ᠰᠢᠤ ᠬᠤᠸᠠ ᠢᠨᠢᠶᠡᠮᠰᠦᠭᠯᠡᠨ ᠬᠡᠯᠡᠪᠡ᠃ | ᠠᠮᠠᠨ ᠬᠤᠭᠤᠷ ᠤᠨ ᠬᠥᠭᠵᠢᠮ ᠤᠨ ᠪᠣᠳᠠᠰ ᠤᠨ ᠪᠤᠰᠤ ᠰᠣᠶᠣᠯ ᠤᠨ ᠥᠪ ᠤᠨ ᠤᠯᠠᠮᠵᠢᠯᠠᠭᠴᠢ | ᠪᠣᠯᠤᠭᠰᠠᠨ ᠤ ᠳᠠᠷᠠᠭ᠎ᠠ᠂ ᠾᠥᠸᠧ ᠰᠢᠤ ᠬᠤᠸᠠ ᠨᠠᠩ ᠴᠤ ᠴᠢᠳᠠᠯ ᠤᠨ ᠬᠢᠷᠢ ᠪᠠᠷ ᠢᠶᠠᠨ ᠨᠠᠩ ᠣᠯᠠᠨ ᠬᠥᠮᠥᠨ ᠳᠤ | ᠠᠮᠠᠨ ᠬᠤᠭᠤᠷ ᠢ ᠵᠢᠭᠠᠵᠤ᠂ ᠨᠠᠩ ᠣᠯᠠᠨ ᠬᠥᠮᠥᠨ ᠳᠤ ᠠᠮᠠᠨ ᠬᠤᠭᠤᠷ ᠢ ᠮᠡᠳᠡᠭᠦᠯᠵᠦ᠂ ᠰᠤᠷᠭᠠᠵᠤ᠂ ᠤᠯᠠᠮᠵᠢᠯᠠᠵᠤ | ᠪᠠᠶᠢᠨ᠎ᠠ᠃ | | |