ᠠᠬᠠᠮᠠᠳ ᠵᠣᠬᠢᠶᠠᠯᠴᠢ ᠪᠥᠭᠡᠳ ᠰᠣᠶᠣᠯ ᠤᠷᠠᠯᠢᠭ ᠤᠨ ᠲᠡᠦᠬᠡ ᠰᠤᠳᠤᠯᠤᠭᠠᠴᠢ ᠡᠷᠳᠡᠮᠲᠡᠨ ᠬᠡᠰᠢᠭᠮᠡᠩᠯᠠᠢ | ᠨᠠᠰᠤᠲᠠᠨ ᠤ ᠲᠣᠮᠣᠬᠠᠨ ᠪᠦᠲᠦᠭᠡᠯ ᠪᠤᠯᠬᠤ ︽ᠬᠥᠪᠡᠭᠡᠲᠦ ᠰᠢᠷ᠎ᠠ ᠤᠩᠭᠤᠨ ᠬᠤᠨᠢᠴᠢᠨ ᠤ ᠲᠡᠦᠬᠡᠨ ᠲᠣᠪᠴᠢᠶᠠᠨ︾ | ᠳᠤ ᠭᠡᠨᠲᠤᠨᠫᠤᠩᠰᠤᠭ ᠡᠮᠴᠢ ᠶᠢᠨ ᠲᠤᠬᠠᠢ ᠲᠠᠨᠢᠯᠴᠠᠭᠤᠯᠬᠤ ᠳᠠᠭᠠᠨ᠄ ︽ᠬᠠᠷᠠᠬᠠᠨ ᠪᠠᠭ᠎ᠠ ᠠᠴᠠ ᠪᠠᠨ ᠤᠩᠭᠤᠨ | ᠬᠤᠨᠢᠴᠢᠨ ᠤ ᠭᠤᠷᠪᠠᠳᠤᠭᠠᠷ ᠰᠤᠮᠤᠨ ᠤ ᠰᠢᠲᠦᠭᠡᠨ ᠰᠦᠮ᠎ᠡ ᠪᠤᠯᠬᠤ ᠤᠩᠭᠤᠨ ᠳᠡᠯᠭᠡᠷ ᠰᠦᠮ᠎ᠡ ᠳᠤ ᠱᠠᠪᠢᠯᠠᠨ | ᠰᠠᠭᠤᠵᠤ᠂ ᠲᠤᠬᠠᠢ ᠶᠢᠨ ᠦᠶ᠎ᠡ ᠶᠢᠨ ᠠᠯᠳᠠᠷᠲᠤ ᠡᠮᠴᠢ ᠰᠡᠷᠡᠨᠳᠢᠸᠠ᠂ ᠭᠤᠮᠪᠣᠰᠦ᠋ᠷᠦᠩ ᠨᠠᠷ ᠠᠴᠠ ᠮᠠᠷᠠᠮᠪᠠ ᠶᠢᠨ | ᠰᠤᠷᠭᠠᠯ ᠬᠦᠷᠲᠡᠵᠦ᠂ ᠮᠣᠩᠭᠤᠯ ᠠᠨᠠᠭᠠᠬᠤ ᠤᠬᠠᠭᠠᠨ ᠤ ᠡᠷᠳᠡᠮ ᠮᠡᠷᠭᠡᠵᠢᠯ ᠢ ᠶᠡᠬᠡᠳᠡ ᠴᠢᠷᠮᠠᠶᠢᠨ ᠰᠤᠷᠴᠤ᠂ ᠨᠡᠯᠢᠶᠡᠳ | ᠪᠦᠷᠢᠨ ᠲᠥᠬᠦᠷ ᠡᠵᠡᠮᠰᠢᠭᠰᠡᠨ ᠢᠶᠠᠷ ᠪᠦᠷ ᠰᠡᠭᠦᠯᠳᠡᠵᠦ ᠢᠷᠡᠭᠡᠳ ᠨᠤᠲᠤᠭ ᠤᠰᠤᠨ ᠳᠠᠭᠠᠨ ᠨᠡᠷ᠎ᠡ ᠠᠯᠲᠠᠷᠰᠢᠭ᠍ᠰᠡᠨ | ᠮᠣᠩᠭᠤᠯ ᠡᠮᠴᠢ ᠶᠢᠨ ᠨᠢᠭᠡ ᠪᠣᠯᠵᠤ ᠴᠣᠯᠭᠤᠷᠠᠨ᠂ ᠢᠯᠠᠩᠭᠤᠶ᠎ᠠ ᠡᠯᠢᠭᠡ ᠬᠤᠳᠣᠭᠤᠳᠤᠨ ᠤ ᠡᠪᠡᠳᠴᠢᠨ ᠢ ᠡᠮᠴᠢᠯᠡᠨ | ᠵᠠᠰᠠᠬᠤ ᠳᠠᠭᠠᠨ ᠣᠨᠴᠠ ᠮᠡᠷᠭᠡᠵᠢᠯ ᠲᠠᠢ ᠪᠣᠯᠵᠤ᠂ ᠲᠦᠮᠡᠨ ᠤᠯᠠᠨ ᠤ ᠪᠠᠨ ᠢᠲᠡᠭᠡᠯ ᠪᠢᠰᠢᠷᠡᠯ ᠢ ᠶᠠᠭᠠᠬᠢᠬᠤ ᠶᠢᠨ | ᠠᠷᠭ᠎ᠠ ᠦᠭᠡᠢ ᠣᠯᠵᠤ ᠪᠠᠶᠢᠭᠰᠠᠨ ᠶᠤᠮ︾ ᠭᠡᠵᠦ ᠲᠡᠮᠳᠡᠭᠯᠡᠭᠰᠡᠨ ᠪᠢᠯᠡ᠃ | ᠶᠠᠭᠤ ᠴᠤ ᠭᠡᠰᠡᠨ ᠭᠡᠨᠲᠦᠨᠫᠤᠩᠰᠤᠬ ᠪᠣᠯ ︽ᠡᠮᠴᠢ ᠬᠥᠮᠥᠨ︾ ᠤ ᠲᠡᠷᠬᠠᠨ ᠠᠯᠳᠠᠷ ᠢ ︽ᠳᠠᠶᠠᠩ ᠤᠨ | ᠰᠣᠨᠣᠷ ᠲᠤ ᠳᠠᠭᠤᠷᠢᠰᠲᠠᠯᠠ ᠲᠦᠮᠡᠨ ᠤ ᠰᠡᠳᠬᠢᠯ ᠳᠤ ᠬᠤᠨᠣᠭᠰᠢᠲᠠᠯᠠ︾ ᠲᠥᠪ ᠶᠡᠬᠡᠮᠰᠦᠭ ᠠᠪᠴᠤ ᠭᠠᠷᠤᠭᠰᠠᠨ | ᠦᠦᠭᠡ ᠲᠡᠦᠬᠡ ᠲᠠᠢ ᠬᠥᠮᠥᠨ ᠤ ᠨᠢᠭᠡ ᠪᠢᠯᠡ᠃ ᠡᠨᠡ ᠬᠦ ᠠᠬᠠᠮᠠᠳ ᠪᠤᠭᠤᠷᠤᠯ ᠢ ᠠᠮᠢᠳᠤ ᠰᠡᠷᠡᠭᠦᠨ ᠪᠠᠶᠢᠬᠤ ᠳᠤᠨᠢ | ᠰᠤᠷᠪᠤᠯᠵᠢᠯᠠᠨ ᠲᠡᠮᠳᠡᠭᠯᠡᠵᠦ ᠴᠢᠳᠠᠭᠰᠠᠨ ᠦᠭᠡᠢ ᠳᠡᠭᠡᠨ ᠤᠲᠤ ᠴᠤ ᠭᠡᠳ ᠪᠢ ᠬᠠᠷᠠᠮᠰᠠᠵᠤ ᠥᠪᠡᠷ ᠢ ᠪᠠᠨ | ᠵᠢᠮᠡᠯᠡᠳᠡᠭ᠃ | ᠭᠡᠨᠲᠦᠨᠫᠤᠩᠰᠤᠬ ᠡᠮᠴᠢ ᠶᠢ ᠨᠤᠲᠤᠭ ᠤᠨ ᠬᠢᠨᠢ ᠪᠦᠷ︽ᠭᠡ᠊᠆ ᠮᠠᠮᠠ︾ ᠭᠡᠵᠦ ᠳᠠᠭᠤᠳᠠᠳᠠᠭ᠃ ᠡᠪᠡᠳᠴᠢᠲᠡᠨ | ᠤᠯᠠᠨ ᠢ ᠠᠶᠤᠯ ᠠᠴᠠ ᠠᠪᠤᠷᠠᠵᠤ ᠨᠤᠲᠤᠭ ᠤᠨ ᠲᠦᠮᠡᠨ ᠳᠡᠭᠡᠨ ᠪᠤᠶᠠᠨ ᠤ ᠶᠡᠭᠡ ᠤᠢᠢᠯᠡ ᠮᠥᠷ ᠲᠠᠢ ᠶᠠᠪᠤᠵᠤ | ᠢᠷᠡᠭᠰᠡᠨ ᠭᠡ᠊᠆ ᠮᠠᠮᠠ ᠶᠢᠨ ᠲᠤᠬᠠᠢ ᠶᠠᠷᠢᠬᠤ ᠳᠤ ᠮᠢᠨᠤ ᠬᠤᠪᠢ ᠳᠤ ᠴᠤ ᠭᠡᠰᠡᠨ ᠬᠡᠦᠬᠡᠳ ᠪᠠᠶᠢᠬᠤ ᠳᠠᠭᠠᠨ ᠬᠤᠶᠠᠷ | ᠤᠳᠠᠭ᠎ᠠ ᠬᠦᠨᠳᠦ ᠡᠪᠡᠳᠴᠢᠯᠡᠵᠦ᠂ ᠪᠦᠷ ᠯᠠ ᠮᠠᠮᠡ ᠶᠢᠨ ᠰᠠᠶᠢᠨ ᠢᠶᠠᠷ ᠡᠮᠨᠡᠭᠦᠯᠵᠦ ᠵᠠᠰᠠᠭᠤᠯᠤᠭᠠᠳ ᠡᠪᠡᠳᠴᠢᠨ | ᠡᠮᠭᠡᠭ ᠤᠨ ᠤᠢᠢᠯᠡ ᠲᠠᠮᠤ ᠠᠴᠠ ᠰᠠᠯᠤᠭᠰᠠᠨ ᠤᠴᠢᠷ ᠠᠴᠠ ᠥᠨᠥ ᠳᠤᠷᠠᠰᠤᠨ ᠰᠠᠨᠠᠬᠤ ᠳᠤ ᠴᠤ ᠭᠡᠰᠡᠨ ᠰᠡᠳᠬᠢᠯ | ᠳᠤ ᠬᠠᠯᠠᠭᠤᠨ ᠳᠣᠲᠣᠨᠣ ᠰᠠᠨᠠᠭᠳᠠᠬᠤ ᠶᠤᠮ᠃ | ᠲᠡᠷᠡ ᠵᠢᠯ ᠤᠨ ᠬᠤᠣᠷᠳᠠᠯᠭ᠎ᠠ ᠠᠴᠠ ᠪᠣᠯᠤᠭᠰᠠᠨ ᠡᠪᠡᠳᠴᠢᠨ ᠳᠤ ᠪᠦᠬᠦᠯᠢ ᠨᠢᠭᠡ ᠵᠢᠯ ᠲᠠᠷᠴᠢᠯᠠᠭᠠᠭᠳᠠᠨ | ᠵᠣᠪᠠᠵᠤ ᠰᠢᠨᠠᠯᠤᠭᠰᠠᠨ ᠢᠶᠠᠨ ᠪᠤᠲᠤᠬᠤ ᠳᠤ ᠦᠨᠡᠬᠡᠷ ︽ᠬᠤᠶᠢᠬ᠎ᠠ ᠶᠢᠨ ᠦᠰᠦ ᠪᠣᠰᠣᠮᠠᠷ︾᠃ ᠪᠦᠲᠦᠨ ᠨᠢᠭᠡ ᠵᠢᠯ | ᠭᠡᠵᠦ ᠬᠡᠯᠡᠬᠦ ᠳᠤ ᠠᠮᠠᠷᠬᠠᠨ ᠴᠤ ᠡᠪᠡᠳᠴᠦ ᠵᠣᠪᠠᠭᠰᠠᠨ ᠬᠥᠮᠥᠨ ᠳᠤ ᠠᠪᠴᠤ ᠬᠡᠯᠡᠪᠡᠯ︽ᠠᠮᠢ ᠨᠠᠭᠠᠨ᠎ᠠ ᠲᠠᠮᠤ | ᠴᠠᠭᠠᠨ᠎ᠠ︾ ᠪᠣᠯᠵᠤ᠂ ︽ᠬᠠᠯᠠᠭᠤᠨ ᠲᠣᠭᠤᠭᠠᠨ ᠳᠤ ᠣᠷᠣᠭᠰᠠᠨ ᠰᠢᠷᠭᠤᠯᠵᠢ︾ ᠥᠭᠡᠷ᠎ᠡ ᠦᠭᠡᠢ ᠪᠣᠯᠤᠭᠰᠠᠨ ᠪᠢᠯᠡ᠃ | ᠲᠡᠷᠡ ᠦᠶ᠎ᠡ ᠶᠢᠨ ᠡᠮᠨᠡᠯᠭᠡ ᠶᠢᠨ ᠨᠥᠬᠦᠴᠡᠯ ᠢ ᠤᠲᠤ ᠶᠢᠨ ᠬᠢ ᠲᠠᠢ ᠬᠠᠷᠢᠴᠠᠭᠤᠯᠪᠠᠯ ᠲᠡᠭᠷᠢ ᠭᠠᠵᠠᠷ ᠤᠨ ᠵᠥᠷᠢᠶ᠎ᠡ | ᠲᠠᠢ᠃ ᠤᠯᠠᠮᠵᠢᠯᠠᠯᠲᠤ ᠮᠣᠩᠭᠤᠯ ᠡᠮᠨᠡᠯᠭᠡ ᠶᠢᠨ ᠭᠠᠶᠢᠬᠠᠮᠰᠢᠭᠲᠤ ᠷᠢᠳᠢ ᠰᠢᠳᠢ ᠭᠡᠭᠴᠢ ᠬᠥᠮᠥᠨ ᠤ ᠮᠠᠬᠠᠪᠤᠳ | ᠪᠡᠶ᠎ᠡ ᠶᠢᠨ ᠡᠰᠢ ᠡᠷᠬᠡᠲᠡᠨ ᠤ ᠰᠤᠳᠤᠯᠭ᠎ᠠ ᠰᠢᠨᠵᠢᠯᠡᠭᠡᠨ ᠤ ᠤᠨᠤᠯ ᠶᠣᠰᠣ ᠶᠢ ᠠᠭᠤᠳᠠᠯᠤᠭᠰᠠᠨ ︽ᠲᠣᠯᠢ︾ ᠮᠡᠲᠦ | ᠥᠪᠡᠷ ᠢ ᠴᠢᠨᠢ ᠲᠣᠯᠢᠳᠠᠨ ᠦᠵᠡᠭᠦᠯᠵᠦ ᠴᠢᠳᠠᠳᠠᠭ ᠨᠢ ︽ᠬᠥᠬᠡ ᠮᠥᠩᠭᠦᠨ ᠲᠡᠭᠷᠢ ᠠᠪᠤ᠂ ᠬᠥᠷᠥᠰᠥᠲᠦ ᠠᠯᠲᠠᠨ | ᠳᠡᠯᠡᠬᠡᠢ ᠡᠵᠢ︾ ᠰᠢᠭ ᠪᠠᠶᠢᠭᠠᠯᠢ ᠶᠢᠷᠲᠢᠨᠴᠦ ᠲᠠᠢ ᠬᠠᠷᠢᠴᠠᠭ᠎ᠠ ᠬᠤᠯᠪᠤᠭ᠎ᠠ ᠲᠠᠢ ᠪᠠᠶᠢᠳᠠᠭ ᠮᠥᠩᠬᠡ ᠲᠡᠭᠷᠢ ᠶᠢᠨ | ᠵᠠᠶ᠋ᠢᠭ ᠶᠣᠰᠣᠨ ᠤ ᠤᠯᠪᠠᠭ᠎ᠠ ᠪᠦᠬᠦᠢ ᠢᠮ ᠲᠠᠮᠠᠭ᠎ᠠ ᠲᠠᠢ ᠴᠤ ᠪᠠᠶᠢᠭ᠎ᠠ ᠭᠡᠮᠡᠷ ᠰᠠᠨᠠᠭᠳᠠᠨ᠎ᠠ᠃ | ᠭᠡᠨᠲᠤᠨᠫᠤᠩᠰᠤᠭ ᠡᠮᠴᠢ ᠪᠠᠷ ᠡᠮᠴᠢᠯᠡᠭᠦᠯᠵᠦ ᠪᠡᠶ᠎ᠡ ᠰᠡᠳᠬᠢᠯ ᠤᠨ ᠲᠠᠷᠴᠢᠯᠠᠭᠠᠨ ᠠᠴᠠ ᠠᠶᠠᠷᠯᠠᠭᠰᠠᠨ | ᠡᠪᠡᠳᠴᠢᠲᠡᠨ ᠤ ᠲᠤᠬᠠᠢ ᠨᠠᠷᠢᠨ ᠶᠠᠷᠢᠬᠤ ᠳᠤ ᠲᠡᠭᠦᠨ ᠤ ᠭᠠᠷ ᠱᠠᠪᠢ ᠶᠢᠨ ᠨᠢᠭᠡ ᠪᠤᠯᠬᠤ ᠰᠡᠴᠡᠨᠪᠠᠭᠠᠲᠤᠷ ᠡᠮᠴᠢ ᠶᠢᠨ | ᠶᠠᠷᠢᠭᠰᠠᠨ ᠦᠭᠡ ᠰᠡᠳᠬᠢᠯ ᠳᠤ ᠭᠦᠨ ᠰᠠᠭᠤᠭᠰᠠᠨ ᠶᠤᠮ᠃ ᠰᠡᠴᠡᠨᠪᠠᠭᠠᠲᠤᠷ ᠬᠡᠯᠡᠬᠦ ᠳᠡᠭᠡᠨ᠄ ︽ᠮᠢᠨᠤ ᠡᠪᠦᠭᠡᠨ | ᠪᠠᠭᠰᠢ ᠴᠢᠨᠢ ᠴᠠᠬᠠᠷ ᠲᠡᠳᠦᠢ ᠦᠭᠡᠢ ᠰᠥᠨᠢᠳ ᠠᠪᠠᠭ᠎ᠠ ᠶᠢᠨ ᠨᠤᠲᠤᠭ ᠤᠰᠤ ᠪᠠᠷ ᠴᠤ ᠭᠡᠰᠡᠨ ᠨᠡᠷ᠎ᠡ ᠠᠯᠳᠠᠷ ᠢᠶᠠᠨ | ᠮᠠᠨᠳᠤᠭᠤᠯᠵᠤ ᠶᠠᠪᠤᠭᠰᠠᠨ ᠨᠡᠷᠡᠲᠤ ᠡᠮᠴᠢ᠃ ᠠᠯᠢ ᠡᠷᠲᠡ ᠳᠡᠭᠡᠷ᠎ᠡ ᠵᠠᠭᠤᠨ ᠤ ᠵᠢᠷᠠᠭᠠᠳ ᠣᠨ ᠳᠤ ᠭᠤᠷᠪᠠᠭ᠋ᠠᠨ ᠲᠤᠩ | ᠡᠮ ᠢᠶᠠᠷ ᠴᠢᠰᠤ ᠶᠡᠭᠡ ᠪᠠᠭᠤᠭᠰᠠᠨ ᠰᠥᠨᠢᠳ ᠤᠨ ᠨᠢᠭᠡᠨ ᠡᠮᠡᠭᠲᠡᠢ ᠶᠢᠨ ᠠᠮᠢ ᠶᠢ ᠠᠪᠤᠷᠠᠭᠠᠳ ︿ᠴᠠᠬᠠᠷ ᠤᠨ | ᠬᠥᠨᠳᠡᠯᠡᠨ ᠲᠣᠯᠣᠭᠠᠶᠢᠲᠤ ᠴᠢᠨᠢ ᠵᠠᠭᠤᠢ ᠰᠠᠶᠢᠨ ᠡᠮᠴᠢ ᠰᠢᠤ﹀ ᠭᠡᠰᠡᠨ ᠠᠯᠳᠠᠷ ᠴᠣᠯᠠ ᠲᠠᠢ ᠪᠣᠯᠣᠯ᠎ᠠ ᠭᠡᠲᠡᠭ᠃ | ᠪᠠᠭᠰᠢ ᠮᠢᠨᠢ ᠪᠦᠳᠦᠭᠦᠨ ᠬᠠᠲᠠᠭᠤᠨ ᠪᠡᠶ᠎ᠡ ᠲᠠᠢ᠂ ᠮᠥᠷᠥ ᠥᠷᠭᠡᠨ᠂ ᠬᠥᠮᠥᠰᠬᠡ ᠥᠳᠬᠡᠨ᠃ ᠲᠡᠷᠡ ᠮᠥᠷᠲᠡᠭᠡᠨ | ᠲᠣᠯᠣᠭᠠᠢ ᠨᠢ ᠨᠡᠯᠢᠶᠡᠳ ᠭᠡᠲᠡᠦ ᠶᠡᠬᠡᠲᠡᠢ ᠪᠣᠯᠬᠤᠷ ᠲᠦᠷᠦᠭᠰᠡᠨ ᠪᠡᠶ᠎ᠡ ᠶᠢᠨ ᠬᠢᠨᠢ ᠲᠥᠯᠥᠪ ᠰᠢᠨᠵᠢ ᠶᠢ ᠪᠠᠷᠢᠵᠤ᠂ | ᠬᠤᠩᠰᠢᠶᠠᠷ ᠠᠮᠠᠨ ᠳᠠᠭᠠᠨ ᠬᠤᠷᠴᠠ ︿ᠮᠡᠷᠭᠡᠨ ᠲᠣᠯᠣᠭᠠᠢ﹀ ᠨᠢ ᠲᠢᠭ ᠦᠭᠡᠶᠢᠷᠡᠵᠦ ᠠᠯᠢᠶᠠᠷᠬᠠᠬᠤ ᠳᠠᠭᠠᠨ ᠪᠠᠭᠰᠢ ᠳᠤ | ᠮᠢᠨᠢ ᠡᠶᠢᠮᠦ ᠬᠤᠴᠢ ᠨᠡᠷ᠎ᠡ ᠬᠠᠶᠢᠷᠠᠯᠠᠭᠰᠠᠨ ᠶᠤᠮ︾ ᠭᠡᠵᠦ ᠶᠠᠷᠢᠵᠤ ᠪᠠᠶᠢᠯ᠎ᠠ᠃ | ︽ᠴᠠᠬᠠᠷ ᠤᠨ ᠬᠥᠨᠳᠡᠯᠡᠨ ᠲᠣᠯᠣᠭᠠᠶᠢᠲᠤ︾ ᠭᠡᠬᠦ ᠠᠴᠠ ᠨᠢᠭᠡ ᠤᠳᠠᠭ᠎ᠠ ᠭᠡ᠊᠆ ᠮᠠᠮᠠ ᠰᠥᠨᠢᠳ ᠨᠤᠲᠤᠭ ᠢᠶᠠᠷ | ᠵᠠᠯᠠᠭᠳᠠᠨ ᠡᠪᠡᠳᠴᠢᠨ ᠦᠵᠡᠵᠦ ᠪᠠᠶᠢᠬᠤ ᠲᠠᠢ ᠨᠢ ᠬᠠᠯᠵᠠ ᠲᠠᠭᠠᠷᠠᠯᠳᠤᠭᠰᠠᠨ ᠨᠢᠭᠡ ᠬᠥᠮᠥᠨ ᠭᠡᠨᠡᠳᠲᠡ᠄ ︽ᠴᠠᠬᠠᠷ | ᠲᠤ ᠨᠢᠭᠡ ᠬᠥᠨᠳᠡᠯᠡᠨ ᠲᠣᠯᠣᠭᠠᠶᠢᠲᠤ ᠭᠡᠲᠡᠭ ᠨᠡᠯᠢᠶᠡᠳ ᠨᠡᠷ᠎ᠡ ᠲᠠᠢ ᠰᠠᠶᠢᠨ ᠡᠮᠴᠢ ᠪᠠᠶᠢᠳᠠᠭ ᠭᠡᠨ᠎ᠡ ᠯᠠᠢ︾ ᠬᠡᠮᠡᠨ | ᠠᠮᠠᠨ ᠤ ᠠᠶ᠎ᠠ ᠪᠠᠷ ᠦᠭᠡ ᠶᠢᠨ ᠳᠠᠭᠠᠤ ᠠᠵᠢᠭ ᠴᠤ ᠦᠭᠡᠢ ᠲᠠᠯᠪᠢᠭᠠᠳ ᠭᠠᠷᠭᠠᠬᠤ ᠳᠤ ᠭᠡ᠊᠆ ᠮᠠᠮᠠ ᠬᠠᠷᠢᠨ | ᠵᠣᠷᠢᠭᠤᠳᠠ ᠮᠠᠯᠠᠭᠠᠢ ᠪᠠᠨ ᠠᠪᠴᠤ ᠲᠠᠯᠪᠢᠨ ᠬᠡᠰᠡᠭ ᠳᠤᠭᠤᠢ ᠰᠠᠭᠤᠭᠰᠠᠨ ᠢᠶᠠᠨ᠄ ︽ᠲᠡᠷᠡ ᠴᠢᠨᠢ ᠮᠢᠬᠠᠨ ᠪᠡᠶ᠎ᠡ ᠪᠠᠷ | ᠢᠶᠠᠨ ᠡᠮᠦᠨ᠎ᠡ ᠴᠢᠨᠢ ᠪᠠᠶᠢᠭ᠎ᠠ ᠪᠢᠰᠢᠦ︖︾ ᠬᠡᠮᠡᠨ ᠨᠠᠭᠠᠳᠤᠮ ᠦᠨᠡᠨ ᠤ ᠬᠤᠭᠤᠷᠣᠨᠳᠤ ᠱᠤᠭ ᠪᠣᠯᠭᠠᠨ ᠶᠠᠷᠢᠯ᠎ᠠ | ᠭᠡᠲᠡᠭ᠃ | ︽ᠮᠢᠨᠤ ᠪᠠᠭᠰᠢ ᠶᠡᠷᠦ ᠨᠢ ᠦᠵᠡᠬᠦ ᠳᠤ ᠲᠥᠪᠯᠡᠭᠦᠨ ᠴᠢᠩᠭ᠎ᠠ ᠬᠥᠮᠥᠨ ᠪᠤᠯᠪᠠᠴᠤ ᠬᠠᠶᠠ ᠵᠠᠷᠢᠮ ᠳᠠᠭᠠᠨ | ᠦᠭᠡ ᠶᠢ ᠮᠠᠰᠢ ᠶᠦᠮᠦᠷᠯᠢᠭ ᠰᠠᠶᠢᠬᠠᠨ ᠶᠠᠷᠢᠵᠤ ᠬᠡᠯᠡᠳᠡᠭ ᠱᠤᠭ ᠶᠡᠬᠡᠲᠡᠢ ᠬᠥᠮᠥᠨ ᠪᠢᠯᠡ᠃ ᠶᠣᠰᠣᠲᠠᠢ ︿ᠣᠯᠳᠠᠰᠢ | ᠦᠭᠡᠢ ᠦᠭᠡ ᠶᠢ ᠣᠷᠣᠨ ᠪᠠᠶᠢᠷᠢ ᠳᠤᠨᠢ﹀ ᠭᠡᠲᠡᠭ ᠢᠶᠠᠷ ᠦᠭᠡ ᠶᠢ ᠲᠡᠷᠡ ᠯᠠ ᠣᠷᠴᠢᠨ ᠳᠤᠨᠢ ᠪᠡᠨ᠎ᠡ ᠲᠠᠢ ᠰᠠᠶᠢᠬᠠᠨ | ᠶᠠᠷᠢᠳᠠᠭ ᠠᠮᠠᠷ ᠦᠭᠡᠢ ᠬᠥᠮᠥᠨ ᠰᠢᠤ︾ ᠭᠡᠵᠦ ᠰᠡᠴᠡᠨᠪᠠᠭᠠᠲᠤᠷ ᠭᠤᠸᠠᠢ ᠪᠠᠭᠰᠢ ᠶᠢᠨ ᠢᠶᠠᠨ ᠲᠤᠬᠠᠢ ᠬᠠᠭᠤᠴᠢᠯᠠᠨ᠎ᠠ᠃ | ᠭᠡᠨᠲᠦᠨᠫᠤᠩᠰᠤᠬ ᠡᠮᠴᠢ ᠮᠣᠩᠭᠤᠯ ᠡᠮᠨᠡᠯᠭᠡ ᠶᠢᠨ ᠤᠯᠠᠮᠵᠢᠯᠠᠯᠲᠤ ᠶᠣᠰᠣ ᠨᠣᠮ ᠤᠨ ᠲᠤᠬᠠᠢ ᠪᠡᠶ᠎ᠡ | ᠳᠠᠭᠠᠭᠠᠭᠰᠠᠨ ᠲᠤᠰᠠᠭᠠᠷ ᠮᠡᠷᠭᠡᠵᠢᠯ ᠲᠠᠢ ᠪᠠᠶᠢᠵᠤ᠂ ᠵᠠᠷᠢᠮ ᠤᠨᠴᠠᠭᠠᠢ ᠡᠪᠡᠳᠴᠢᠲᠡᠨ ᠢ ᠪᠣᠯ ᠪᠦᠷ ᠦᠪᠡᠰᠦᠪᠡᠨ ᠡᠮ | ᠲᠠᠩ ᠨᠠᠶᠢᠷᠠᠵᠤ ᠲᠤᠰᠬᠠᠢ ᠡᠮᠴᠢᠯᠡᠭᠡ ᠬᠢᠳᠡᠭ ᠪᠥᠭᠡᠳ ᠴᠡᠭᠡ ᠶᠢᠨ ᠵᠠᠰᠠᠯ ᠬᠢᠬᠦ ᠶᠢᠨ ᠳᠠᠭᠠᠤ ᠨᠢᠭᠡᠨ ᠦᠶ᠎ᠡ ᠪᠠᠰᠠ | ᠹᠦ᠋ ᠶᠢᠨ ᠬᠠᠯᠠᠭᠤᠨ ᠢᠶᠠᠷ ︽ᠤᠩᠭᠤᠨ ᠷᠠᠰᠢᠶᠠᠨ︾ ᠤ ᠵᠠᠰᠠᠯᠭ᠎ᠠ ᠶᠢ ᠴᠤ ᠳᠠᠭᠠᠯᠳᠤᠭᠤᠯᠤᠨ ᠬᠢᠳᠡᠭ ᠪᠠᠶᠢᠭᠰᠠᠨ ᠠᠵᠢ᠃ | | ᠪᠠᠭᠰᠢ ᠶᠢᠨ ᠢᠶᠠᠨ ᠲᠤᠬᠠᠢ ᠳᠤᠷᠠᠳᠬᠠᠬᠤ ᠪᠠᠷ ᠰᠡᠴᠡᠨᠪᠠᠭᠠᠲᠤᠷ ᠤᠨ ᠦᠭᠡ ᠶᠠᠷᠢᠶ᠎ᠠ ᠣᠯᠠᠳᠠᠨ᠎ᠠ᠃ ︽ᠪᠠᠭᠰᠢ | ᠮᠢᠨᠢ ︿ᠰᠠᠶᠢᠨ ᠡᠮᠴᠢ ᠪᠤᠯᠬᠤ ᠳᠤ ᠶᠠᠭᠤᠨ ᠤ ᠤᠷᠢᠳ ᠰᠤᠳᠠᠯ ᠪᠠᠷᠢᠵᠤ ᠰᠢᠨᠵᠢᠬᠦ᠂ ᠡᠮ ᠤᠨ ᠲᠦᠭᠦᠬᠡᠢ ᠮᠠᠲ᠋ᠧᠷᠢᠶᠠᠯ ᠢ | ᠰᠠᠶᠢᠨ ᠢᠯᠭᠠᠵᠤ ᠲᠠᠨᠢᠬᠤ ᠠᠴᠠ ᠠᠪᠤᠭᠠᠳ ᠶᠠᠮᠠᠷ ᠡᠪᠡᠳᠴᠢᠲᠡᠨ ᠳᠤ ᠶᠠᠮᠠᠷ ᠡᠮ ᠨᠠᠶᠢᠷᠠᠵᠤ ᠵᠠᠷᠤᠬᠤ ᠮᠡᠲᠦᠴᠢᠯᠡᠨ | ᠡᠮ ᠨᠠᠶᠢᠷᠠᠭᠤᠯᠬᠤ ᠮᠡᠷᠭᠡᠵᠢᠯ ᠴᠢᠳᠠᠪᠤᠷᠢ ᠶᠢ ᠴᠦ ᠨᠢᠮᠪᠠᠢ ᠡᠵᠡᠮᠰᠢᠬᠦ ᠬᠡᠷᠡᠭᠲᠡᠢ﹀ ᠬᠡᠮᠡᠨ ᠪᠠᠶᠢᠩᠭᠤ ᠵᠠᠬᠢᠵᠤ ᠰᠠᠨᠠᠭᠤᠯᠤᠨ | ᠬᠡᠯᠡᠳᠡᠭ ᠮᠥᠷᠲᠡᠭᠡᠨ ᠪᠤᠮᠪᠠᠳᠠᠵᠤ ᠰᠠᠮᠨᠠᠬᠤ᠂ ᠬᠠᠨᠠᠵᠤ ᠬᠠᠳᠬᠤᠬᠤ᠂ ᠲᠥᠭᠡᠨᠡᠵᠦ ᠬᠥᠬᠦᠭᠦᠯᠬᠦ᠂ ᠰᠡᠪᠡᠰᠦᠯᠡᠵᠦ | ᠪᠢᠲᠡᠭᠦᠦ ᠠᠷᠠᠰᠤᠯᠠᠬᠤ ᠴᠤᠯᠤ ᠰᠠᠪᠠ ᠶᠢᠨ ᠵᠠᠰᠠᠯᠭ᠎ᠠ ᠵᠡᠷᠭᠡ ᠶᠢ ᠪᠦᠷ ᠬᠢᠳᠡᠭ᠃ ᠬᠥᠯᠭᠡ ᠪᠦᠷᠢᠳᠦᠭᠰᠡᠨ ᠴᠢᠨᠠᠷ ᠴᠢᠳᠠᠯ | ᠨᠢ ᠴᠢᠩᠭ᠎ᠠ ᠵᠢᠩᠬᠢᠨᠢ ᠨᠠᠶᠢᠷᠠᠯᠭ᠎ᠠ ᠲᠠᠢ ᠡᠮ ᠵᠠᠷᠤᠬᠤ ᠶᠢ ᠮᠠᠰᠢ ᠠᠩᠬᠠᠷᠴᠤ᠂ ᠬᠠᠪᠤᠷ ᠵᠤᠨ ᠨᠠᠮᠤᠷ ᠪᠠᠶᠢᠲᠤᠭᠠᠢ | ᠡᠪᠦᠯ ᠤᠨ ᠴᠠᠭ ᠲᠤ ᠴᠤ ᠭᠡᠰᠡᠨ ᠠᠭᠤᠯᠠ ᠬᠠᠲᠠ ᠭᠠᠩᠭ᠎ᠠ ᠭᠤᠤ ᠪᠠᠷ ᠬᠦᠷᠴᠦ ᠡᠮ ᠤᠨ ᠮᠠᠲ᠋ᠧᠷᠢᠶᠠᠯ ᠤᠨ ᠦᠷ᠎ᠡ | ᠦᠨᠳᠦᠰᠦ ᠬᠠᠶᠢᠵᠤ᠂ ᠮᠥᠩᠭᠦᠨ ᠤᠰᠤ᠂ ᠬᠦᠬᠦᠷ ᠢ ᠨᠣᠮᠣᠬᠠᠳᠬᠠᠵᠤ ᠡᠮ ᠨᠠᠶᠢᠷᠠᠳᠠᠭ ᠪᠥᠭᠡᠳ ᠭᠤᠷᠪᠠ ᠲᠦᠷᠪᠡᠨ | ᠵᠢᠯ ᠪᠣᠯᠤᠭᠰᠠᠨ ᠬᠠᠲᠠᠭᠠᠬᠰᠠᠨ ᠦᠬᠡᠷ ᠤᠨ ᠱᠠᠷᠢᠭ ᠮᠢᠬ᠎ᠠ ᠶᠢ ᠭᠦᠷᠲᠡᠯ᠎ᠡ ᠵᠠᠷᠢᠮ ᠡᠮ ᠤᠨ ᠨᠠᠶᠢᠷᠠᠯᠭ᠎ᠠ ᠳᠤ | ᠣᠷᠣᠭᠤᠯᠵᠤ ᠡᠪᠡᠳᠴᠢᠨ ᠵᠠᠰᠠᠬᠤ ᠳᠤ ᠬᠡᠷᠡᠭᠯᠡᠳᠡᠭ ᠪᠠᠶᠢᠭᠰᠠᠨ᠃ ᠮᠠᠨ ᠤ ᠡᠮᠨᠡᠯᠭᠡ ᠶᠢᠨ ᠬᠤᠷᠢᠶᠠᠨ ᠤ ᠠᠬᠠᠮᠠᠳ | ᠡᠮᠴᠢ ᠣᠤᠨᠢ ︵ᠴᠣᠬᠤᠮ ᠨᠡᠷ᠎ᠡ ᠨᠢ ᠠᠮᠤᠷᠯᠢᠩᠭᠤᠢ ᠭᠡᠲᠡᠭ︶ ᠪᠢᠳᠡ ᠬᠤᠶᠠᠷ ᠪᠦᠷ ᠡᠪᠦᠭᠡᠨ ᠪᠠᠭᠰᠢ ᠠᠴᠠ ᠪᠠᠨ | ᠵᠢᠩᠬᠢᠨᠢ ᠬᠥᠯᠭᠡ ᠪᠦᠷᠢᠳᠦᠭᠰᠡᠨ ᠤᠨᠴᠠᠭᠠᠢ ᠡᠮ ᠨᠠᠶᠢᠷᠠᠬᠤ ᠮᠡᠳᠡᠯᠭᠡ ᠮᠡᠷᠭᠡᠵᠢᠯ ᠢ ᠠᠳᠠᠯᠢ ᠪᠤᠰᠤ ᠬᠡᠮᠵᠢᠶ᠎ᠡ ᠪᠠᠷ | ᠰᠤᠷᠣᠬᠰᠠᠨ ᠶᠤᠮ᠃ ᠮᠣᠩᠭᠤᠯ ᠡᠮᠨᠡᠯᠭᠡ ᠶᠢᠨ ᠴᠤᠯᠤ ᠰᠠᠪᠠ ᠶᠢᠨ ᠵᠠᠰᠠᠯ ᠭᠡᠵᠦ ᠲᠡᠷᠡ ᠴᠡᠭ ᠢᠶᠠᠷ ᠢᠶᠠᠨ ᠨᠢᠭᠡ | ᠵᠦᠢᠯ ᠤᠨ ᠤᠨᠴᠠᠭᠠᠢ ᠰᠢᠨᠵᠢᠯᠡᠬᠦ ᠤᠬᠠᠭᠠᠨ ᠪᠤᠯᠬᠤ ᠤᠴᠢᠷᠲᠠᠢ᠃ ᠪᠢᠲᠡᠨ ᠤ ᠬᠡᠯᠡᠳᠡᠭ ᠡᠮ ᠳᠣᠮ ᠭᠡᠲᠡᠭ ᠦᠭᠡ | ᠶᠠᠮᠠᠷ ᠴᠤ ᠦᠨᠳᠦᠰᠦ ᠪᠠᠷᠢᠮᠲᠠ ᠦᠭᠡᠢ ᠪᠢᠰᠢ ᠰᠢᠤ ᠳ᠋ᠠ᠃ ᠵᠦᠪᠭᠡᠨ ︿ᠳᠣᠮᠨᠣᠬᠤ ᠳᠣᠮ ᠰᠢᠪᠰᠢᠯᠭᠡ﹀ ᠭᠡᠬᠦ | ᠦᠭᠡ ᠶᠢᠨ ᠤᠴᠢᠷ ᠤᠳᠬ᠎ᠠ ᠪᠠᠷ ᠠᠪᠴᠤ ᠬᠡᠯᠡᠭᠰᠡᠨ ᠴᠤ ᠲᠠᠶᠢᠯᠪᠤᠷᠢᠯᠠᠬᠤ ᠳᠤ ᠪᠡᠷᠬᠡ ᠴᠠᠭᠠᠨ᠎ᠠ ᠪᠠᠨ ᠮᠠᠰᠢ ᠤᠯᠠᠨ | ᠤᠬᠠᠭᠳᠠᠬᠤᠨ ᠲᠠᠢ ᠪᠠᠶᠢᠵᠤ ᠲᠠᠭᠠᠷᠠᠨ᠎ᠠ᠃ ᠴᠤᠯᠤ ᠰᠠᠪᠠ ᠶᠢᠨ ᠵᠠᠰᠠᠯ ᠢ ᠪᠢ ᠲᠡᠷᠡ ᠦᠶ᠎ᠡ ᠳᠤ ᠵᠢᠷᠦᠬᠡᠰᠢᠶᠡᠵᠦ | ᠡᠮᠢᠶᠡᠬᠦ ᠶᠢᠨ ᠳᠠᠭᠠᠤ ᠪᠡᠯᠡᠳᠬᠡᠯ ᠠᠵᠢᠯ ᠤᠨ ᠬᠢᠨᠢ ᠶᠠᠷᠰᠢᠭ ᠠᠴᠠ ᠪᠣᠯᠵᠤ᠂ ᠪᠠᠭᠰᠢ ᠶᠢᠨ ᠢᠶᠠᠨ ᠰᠠᠨᠠᠭ᠎ᠠ ᠠᠶ᠎ᠠ ᠪᠠᠷ | ᠲᠣᠬᠢᠲᠠᠢ ᠰᠠᠶᠢᠨ ᠰᠤᠷᠴᠤ ᠠᠪᠤᠭᠰᠠᠨ ᠦᠭᠡᠢ ᠳᠡᠭᠡᠨ ᠤᠲᠤ ᠶᠡᠭᠡ ᠭᠡᠮᠰᠢᠬᠦ ᠪᠣᠯᠵᠠᠢ᠃ ᠡᠭᠦᠨ ᠠᠴᠠ ᠥᠭᠡᠷ᠎ᠡ | ᠨᠠᠮ᠎ᠠ ᠳᠤ ᠪᠠᠰᠠ ᠨᠢᠭᠡ ᠶᠡᠭᠡ ᠬᠠᠷᠠᠮᠰᠠᠯ ᠪᠠᠶᠢᠳᠠᠭ ᠶᠤᠮ᠃ ᠡᠨᠡ ᠨᠢ ᠳᠠᠷᠤᠢ ᠡᠪᠦᠭᠡᠨ ᠪᠠᠭᠰᠢ ᠶᠢᠨ ᠢᠶᠠᠨ ᠶᠠᠰᠤ ᠶᠢ | ᠪᠠᠷᠢᠵᠤ ᠴᠢᠳᠠᠭᠰᠠᠨ ᠦᠭᠡᠢ ᠶᠠᠪᠤᠳᠠᠯ ᠪᠣᠯᠣᠨ᠎ᠠ᠃ ᠪᠠᠭᠰᠢ ᠮᠢᠨᠢ ᠬᠥᠭᠡᠷᠦᠬᠦᠢ ᠳᠠᠯ᠎ᠠ ᠶᠢᠰᠦ ᠶᠢᠨ ᠨᠠᠰᠤᠨ ᠬᠤᠲᠤᠭ | ᠳᠡᠭᠡᠷ᠎ᠡ ᠪᠠᠨ ᠪᠤᠷᠬᠠᠨ ᠪᠣᠯᠵᠤ ᠪᠢᠯᠡ᠃ ᠨᠠᠰᠤ ᠪᠤᠯᠬᠤ ᠠᠴᠠ ᠨᠢ ᠬᠤᠶᠠᠷ ᠭᠤᠷᠪᠠᠨ ᠡᠳᠦᠷ ᠤᠨ ᠡᠮᠦᠨ᠎ᠡ ᠪᠢ ᠭᠡᠷ ᠤᠨ | ᠬᠥᠮᠥᠨ ᠲᠠᠢ ᠪᠠᠨ ᠬᠠᠮᠲᠤ ᠰᠥᠨᠢᠳ ᠨᠤᠲᠤᠭ ᠲᠤ ᠬᠦᠷᠴᠦ᠂ ᠡᠪᠦᠭᠡᠨ ᠪᠠᠭᠰᠢ ᠪᠠᠨ ᠪᠣᠯᠭᠤᠭᠠᠵᠤ ᠦᠵᠡᠭᠰᠡᠨ ᠢᠶᠠᠨ | ᠥᠴᠥᠬᠡᠨ ᠴᠤ ᠪᠣᠯᠤᠭ ᠰᠠᠨᠠᠭ᠎ᠠ ᠪᠠᠨ ᠵᠢᠭᠠᠬᠠᠨ ᠭᠦᠢᠴᠡᠳᠬᠡᠭᠰᠡᠨ ᠰᠢᠭ ᠪᠤᠲᠤᠲᠠᠭ᠃ ᠪᠢ ᠪᠠᠭᠰᠢ ᠶᠢᠨ ᠢᠶᠠᠨ | ᠵᠢᠭᠠᠭᠰᠠᠨ ᠡᠷᠳᠡᠮ ᠢᠶᠠᠷ ᠣᠯᠠᠨ ᠡᠪᠡᠳᠴᠢᠲᠡᠨ ᠢ ᠵᠠᠰᠠᠵᠤ ᠡᠳᠡᠭᠡᠷᠡᠭᠦᠯᠵᠦ᠂ ᠢᠯᠠᠩᠭᠤᠶ᠎ᠠ ᠡᠯᠢᠭᠡᠨ ᠡᠪᠡᠳᠴᠢᠲᠡᠨ ᠢ | ᠡᠮᠴᠢᠯᠡᠵᠦ ᠵᠠᠰᠠᠬᠤ ᠲᠠᠯ᠎ᠠ ᠪᠠᠷ ᠵᠢᠭᠠᠬᠠᠨ ᠭᠠᠷᠰᠢᠵᠤ᠂ 2018 ᠣᠨ ᠳᠤ ᠥᠪᠡᠷᠲᠡᠭᠡᠨ ᠵᠠᠰᠠᠬᠤ ᠣᠷᠣᠨ ᠤ | ᠬᠤᠶᠠᠳᠤᠭᠠᠷ ᠤᠳᠠᠭᠠᠨ ᠤ ︿ᠨᠡᠷᠡᠲᠤ ᠡᠮᠴᠢ﹀ ᠪᠠᠷ ᠰᠢᠯᠭᠠᠷᠠᠭᠰᠠᠨ ᠮᠠᠨᠢ ᠪᠦᠷ ᠯᠠ ᠪᠠᠭᠰᠢ ᠶᠢᠨ ᠮᠢᠨᠢ ᠮᠡᠳᠡᠯᠭᠡ | ᠮᠡᠷᠭᠡᠵᠢᠯ ᠢᠶᠠᠨ ᠬᠠᠷᠠᠮ ᠦᠭᠡᠢ ᠤᠯᠠᠮᠵᠢᠯᠠᠨ ᠰᠤᠷᠭᠠᠵᠤ ᠬᠥᠮᠥᠵᠢᠭᠦᠯᠦᠭᠰᠡᠨ ᠤ ᠠᠴᠢ ᠡᠨᠡᠷᠢᠯ ᠪᠤᠯᠬᠤ ᠶᠤᠮ᠃ ᠪᠠᠭᠰᠢ | ᠮᠢᠨᠢ ᠶᠠᠭᠠᠷᠠᠵᠤ ᠰᠠᠨᠳᠤᠷᠬᠤ ᠶᠢ ᠶᠡᠷᠦ ᠮᠡᠳᠡᠳᠡᠭ ᠦᠭᠡᠢ᠂ ᠮᠠᠰᠢ ᠯᠠᠪᠳᠠᠭᠤᠨ ᠲᠥᠪᠯᠡᠭᠦᠨ ᠵᠠᠩ ᠲᠠᠢ᠂ ᠶᠣᠰᠣᠲᠠᠢ | ᠬᠥᠮᠥᠨ ᠮᠥᠰᠥ ᠶᠢᠨ ᠠᠭᠤᠤ ᠴᠢᠨᠠᠷ ᠢ ᠬᠥᠮᠥᠨ ᠪᠦᠭᠦᠨ ᠳᠤ ᠲᠡᠭᠰᠢ ᠪᠦᠷᠢᠨ ᠦᠵᠡᠭᠦᠯᠵᠦ ᠴᠢᠳᠠᠭᠰᠠᠨ ᠬᠥᠮᠥᠨ ᠤ | ᠨᠢᠭᠡ ᠪᠤᠯᠬᠤ ᠶᠤᠮ ᠳ᠋ᠧ᠃ ᠪᠠᠭᠰᠢ ᠮᠢᠨᠢ ᠡᠮ ᠳᠠᠩ ᠢᠶᠠᠨ ᠶᠡᠷᠦᠳᠡᠭᠡᠨ ᠲᠠᠪᠤ ᠲᠤᠯᠤᠭᠠᠨ ᠬᠤᠨᠤᠭ ᠠᠴᠠ ᠢᠯᠡᠭᠦᠦ | ᠦᠭᠲᠡᠭ ᠦᠭᠡᠢ᠂ ᠬᠤᠯᠠ ᠭᠠᠵᠠᠷ ᠠᠴᠠ ᠢᠷᠡᠭᠰᠡᠨ ᠡᠪᠡᠳᠴᠢᠲᠡᠨ ᠤ ᠶᠠᠪᠤᠵᠤ ᠰᠠᠭᠤᠬᠤ ᠶᠢᠨ ᠲᠦᠭᠦᠮ ᠢ | ᠪᠣᠳᠣᠯᠬᠢᠯᠠᠨ᠂ ᠬᠤᠶᠠᠷ ᠲᠤᠯᠤᠭᠠᠨ ᠬᠤᠨᠤᠭ ᠢᠶᠠᠷ ᠥᠭᠴᠦ ᠶᠠᠪᠤᠭᠤᠯᠳᠠᠭ ᠵᠠᠩᠰᠢᠯ ᠲᠠᠢ ᠶᠤᠮ᠃ ᠬᠤᠵᠢᠮ ᠨᠢ ᠪᠠᠭᠰᠢ | ᠮᠢᠨᠢ ᠬᠤᠰᠢᠭᠤ ᠮᠣᠩᠭᠤᠯ ᠡᠮᠨᠡᠯᠭᠡ ᠶᠢᠨ ᠬᠤᠷᠢᠶᠠᠨ ᠳᠠᠭᠠᠨ ᠤᠷᠢᠭᠳᠠᠨ ᠠᠵᠢᠯᠯᠠᠵᠤ ᠪᠠᠶᠢᠭᠠᠳ ᠲᠡᠳᠬᠦᠪᠦᠷᠢ ᠳᠤ | ᠭᠠᠷᠴᠤ ᠰᠤᠮᠤᠨ ᠳᠠᠭᠠᠨ ᠢᠷᠡᠭᠰᠡᠨ ᠶᠤᠮ︾ ᠭᠡᠵᠦ ᠪᠠᠭᠰᠢ ᠶᠢᠨ ᠢᠶᠠᠨ ᠮᠣᠩᠭᠤᠯ ᠠᠨᠠᠭᠠᠬᠤ ᠤᠬᠠᠭᠠᠨ ᠤ ᠦᠢᠯᠡᠰ ᠲᠤ | ᠮᠡᠷᠭᠡᠵᠢᠯ ᠥᠨᠳᠥᠷ ᠪᠤᠶᠠᠨ ᠤ ᠮᠥᠷ ᠲᠠᠢ ᠶᠠᠪᠤᠵᠤ ᠢᠷᠡᠭᠰᠡᠨ ᠲᠤᠬᠠᠢ ᠮᠡᠲᠡᠵᠤ ᠣᠶᠢᠯᠠᠭᠠᠬᠤ ᠶᠢᠨ ᠬᠢᠷᠢ ᠪᠠᠷ ᠶᠠᠷᠢᠵᠤ | ᠬᠡᠯᠡᠬᠦ ᠳᠠᠭᠠᠤ ᠤᠯᠠᠮᠵᠢᠯᠠᠵᠤ ᠥᠭᠭᠦᠭᠰᠡᠨ ᠡᠮ ᠡᠮᠨᠡᠯᠭᠡ ᠶᠢᠨ ᠡᠷᠳᠡᠮ ᠨᠣᠮ ᠢ ᠰᠤᠷᠴᠤ ᠶᠠᠪᠤᠬᠤ ᠳᠠᠭᠠᠨ ᠥᠪᠡᠷ ᠤᠨ | ᠠᠯᠳᠠᠵᠤ ᠣᠯᠣᠭᠰᠠᠨ ᠲᠡᠷᠡ ᠪᠦᠭᠦᠨ ᠲᠠᠢ ᠪᠠᠨ ᠤᠶᠠᠯᠳᠤᠭᠤᠯᠤᠨ᠂ ᠪᠠᠭᠰᠢ ᠶᠢᠨ ᠢᠶᠠᠨ ᠠᠴᠢ ᠡᠨᠡᠷᠢᠯ ᠳᠤ | ᠬᠦᠨᠳᠦᠳᠬᠡᠯ ᠳᠡᠪᠰᠢᠭᠦᠯᠦᠨ ᠡᠷᠭᠢᠴᠡᠭᠦᠯᠦᠯ ᠳᠤᠷᠠᠳᠬᠠᠯ ᠲᠠᠢ ᠶᠠᠷᠢᠨ᠎ᠠ᠃ | ᠥᠨᠥᠳᠥᠷ ᠭᠡᠨᠲᠤᠨᠫᠤᠩᠰᠤᠭ ᠡᠮᠴᠢ ᠮᠠᠨᠢ ᠨᠠᠰᠤ ᠵᠢᠯ ᠤᠨ ᠡᠷᠬᠡ ᠪᠠᠷ ᠨᠠᠭᠠᠲᠤ ᠣᠷᠴᠢᠯᠠᠩ ᠠᠴᠠ ᠠᠶᠠᠷᠯᠠᠨ᠂ | ᠨᠠᠮᠬᠠᠨ ᠪᠤᠭᠤᠷᠤᠯ ᠠᠭᠤᠯᠠᠰ ᠤᠨ ᠢᠶᠠᠨ ᠣᠷᠣᠢ ᠳᠡᠭᠡᠭᠦᠷ ᠡᠭᠦᠯᠡ ᠬᠦᠯᠦᠭᠯᠡᠨ ᠥᠨᠳᠥᠷ ᠬᠥᠬᠡ ᠲᠡᠭᠷᠢ ᠶᠢᠨ ᠭᠦᠨ | ᠴᠡᠭᠡᠯ ᠳᠠᠬᠢ ᠬᠡᠷᠡᠯᠳᠦ ᠤᠲᠤᠨ ᠪᠣᠯᠵᠤ ᠬᠠᠯᠢᠵᠤ ᠣᠲᠣᠭᠰᠠᠨ ᠴᠤ ᠬᠢᠵᠦ ᠪᠦᠲᠦᠭᠡᠭᠰᠡᠨ ᠦᠢᠯᠡᠰ ᠬᠡᠮᠵᠢᠶᠡᠯᠡᠰᠢ | ᠦᠭᠡᠢ ᠪᠤᠶᠠᠨ ᠢᠶᠠᠷ ᠢᠶᠠᠨ ᠲᠦᠮᠡᠨ ᠤᠯᠠᠨ ᠤ ᠪᠠᠨ ᠵᠢᠷᠦᠬᠡ ᠰᠡᠳᠬᠢᠯ ᠳᠤ ᠵᠤᠯᠠ ᠶᠢᠨ ᠭᠡᠷᠡᠯ ᠰᠢᠭ ᠮᠥᠩᠬᠡᠳᠡ | ᠪᠠᠳᠮᠠᠯᠠᠨ᠎ᠠ᠃ | | |