ᠬᠤᠲᠣᠩ ᠠᠷᠠᠳ ᠤᠨ ᠲᠣᠭᠤᠷᠢᠭ ᠤᠨ ᠨᠠᠮ ᠤᠨ ᠬᠤᠷᠢᠶ᠎ᠠ ᠤᠨᠤᠯ ᠰᠤᠷᠤᠯᠴᠠᠬᠤ ᠭᠤᠣᠯ ᠳᠤᠭᠤᠶᠢᠯᠠᠩ ︵ᠥᠷᠭᠡᠳᠬᠡᠭᠰᠡᠨ︶ 2024 ᠤᠨ 3 ᠳ᠋ᠤᠭᠠᠷ ᠤᠳᠠᠭ᠎ᠠ ᠶᠢᠨ ᠬᠠᠮᠲᠤ ᠶᠢᠨ ᠰᠤᠷᠤᠯᠴᠠᠯᠭ᠎ᠠ ᠶᠢᠨ ᠬᠤᠷᠠᠯ ᠬᠢᠪᠡ
ᠨᠡᠶᠢᠲᠡᠯᠡᠭᠰᠡᠨ ᠴᠠᠭ᠄
2024/3/11
      3 ᠰᠠᠷ᠎ᠠ ᠶᠢᠨ 7 ᠤ ᠡᠳᠦᠷ ᠤᠨ ᠦᠳᠡ ᠶᠢᠨ ᠬᠤᠶᠢᠨ᠎ᠠ᠂ ᠲᠣᠭᠤᠷᠢᠭ ᠤᠨ ᠨᠠᠮ ᠤᠨ ᠬᠤᠷᠢᠶ᠎ᠠ ᠣᠨᠣᠯ ᠰᠤᠷᠤᠯᠴᠠᠬᠤ ᠭᠤᠣᠯ ᠳᠤᠭᠤᠶᠢᠯᠠᠩ ︵ᠥᠷᠭᠡᠳᠬᠡᠭᠰᠡᠨ︶ ᠤᠨ 2024 ᠳ᠋ᠦ᠋ᠭᠡᠷ ᠤᠳᠠᠭ᠎ᠠ ᠶᠢᠨ ᠬᠠᠮᠲᠤ ᠶᠢᠨ ᠰᠤᠷᠤᠯᠴᠠᠯᠭ᠎ᠠ ᠶᠢᠨ ᠬᠤᠷᠠᠯ ᠬᠢᠵᠦ᠂ ᠲᠣᠰ ᠤᠳᠠᠭ᠎ᠠ ᠶᠢᠨ ᠰᠤᠷᠤᠯᠴᠠᠯᠭ᠎ᠠ ᠶᠢ ᠲᠤᠬᠠᠢ ᠶᠢᠨ ᠭᠠᠵᠠᠷ ᠲᠤᠨᠢ ᠲᠣᠭᠤᠷᠢᠨ ᠦᠵᠡᠵᠦ ᠪᠠᠶᠢᠴᠠᠭᠠᠨ ᠰᠤᠳᠤᠯᠬᠤ ᠠᠷᠭ᠎ᠠ ᠮᠠᠶ᠋ᠢᠭ ᠢᠶᠠᠷ ᠶᠠᠪᠤᠭᠳᠠᠭᠤᠯᠪᠠ᠃      ᠲᠣᠭᠤᠷᠢᠭ ᠤᠨ ᠨᠠᠮ ᠤᠨ ᠬᠤᠷᠢᠶ᠎ᠠ ᠶᠢᠨ ᠣᠨᠣᠯ ᠰᠤᠷᠤᠯᠴᠠᠬᠤ ᠲᠥᠪ ᠤᠨ ᠳᠤᠭᠤᠶᠢᠯᠠᠩ ᠤᠨ ᠭᠡᠰᠢᠭᠦᠳ ᠬᠥᠬᠡᠬᠤᠲᠠ ᠶᠢᠨ ᠣᠶᠤᠨᠲᠤ ᠬᠤᠲᠠ ᠶᠢᠨ ᠵᠢᠯᠤᠭᠤᠳᠬᠤ ᠲᠥᠪ ᠲᠤ ᠬᠦᠷᠴᠦ ︽ᠠᠴᠢ ᠬᠠᠷᠢᠭᠤᠯᠠᠨ ᠡᠷᠡᠯᠬᠡᠭᠯᠡᠨ ᠤᠷᠤᠭᠰᠢᠯᠠᠵᠤ ᠡᠷᠡᠮᠡᠬᠡᠶᠢᠯᠡᠨ ᠤᠷᠤᠭᠰᠢᠯᠠᠶ᠎ᠠ︾ ᠭᠡᠬᠦ ᠭᠤᠣᠯ ᠰᠡᠳᠦᠪᠲᠦ ᠦᠵᠡᠭᠦᠯᠦᠯᠭᠡ ᠶᠢ ᠲᠣᠭᠤᠷᠢᠨ ᠦᠵᠡᠵᠦ᠂ ᠰᠢ ᠶᠢᠨ ᠫᠢᠩ ᠤᠨ ᠠᠵᠤ ᠠᠬᠤᠢ ᠶᠢᠨ ᠦᠵᠡᠯ ᠰᠠᠨᠠᠭ᠎ᠠ ᠪᠣᠯᠣᠨ ᠶᠡᠷᠦᠩᠬᠡᠢ ᠱᠦᠵᠢ ᠰᠢ ᠶᠢᠨ ᠫᠢᠩ ᠤᠨ ᠰᠢᠨ᠎ᠡ ᠴᠢᠨᠠᠷ ᠤᠨ ᠦᠢᠯᠡᠳᠪᠦᠷᠢᠯᠡᠯ ᠤᠨ ᠬᠦᠴᠦᠨ ᠢ ᠬᠥᠭᠵᠢᠭᠦᠯᠬᠦ ᠲᠤᠬᠠᠢ ᠴᠢᠬᠤᠯᠠ ᠶᠠᠷᠢᠶᠠᠨ ᠤ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠲᠤᠭᠤᠰᠢᠯᠠᠭᠤᠯᠵᠤ᠂ ᠶᠡᠷᠦᠩᠬᠡᠢ ᠱᠦᠵᠢ ᠰᠢ ᠶᠢᠨ ᠫᠢᠩ ᠤᠨ 2024 ᠣᠨ ᠤ 1 ᠰᠠᠷ᠎ᠠ ᠶᠢᠨ 31 ᠤ ᠡᠳᠦᠷ ᠬᠤᠷᠢᠳᠤᠭᠠᠷ ᠬᠤᠭᠤᠴᠠᠭᠠᠨ ᠤ ᠲᠥᠪ ᠬᠤᠷᠢᠶᠠᠨ ᠤ ᠤᠯᠤᠰ ᠲᠥᠷᠥ ᠶᠢᠨ ᠲᠣᠪᠴᠢᠶᠠᠨ ᠤ ᠠᠷᠪᠠᠨ ᠨᠢᠭᠡᠳᠦᠭᠡᠷ ᠤᠳᠠᠭᠠᠨ ᠤ ᠬᠠᠮᠲᠤ ᠶᠢᠨ ᠰᠤᠷᠤᠯᠴᠠᠯᠭ᠎ᠠ ᠳᠡᠭᠡᠷ᠎ᠡ ᠬᠡᠯᠡᠭᠰᠡᠨ ᠦᠭᠡ ᠶᠢᠨ ᠵᠣᠷᠢᠭ ᠰᠠᠨᠠᠭ᠎ᠠ᠂ ᠨᠠᠮ ᠤᠨ ᠬᠤᠷᠢᠳᠤᠭᠠᠷ ᠶᠡᠭᠡ ᠬᠤᠷᠠᠯ ᠤᠨ ᠵᠣᠷᠢᠭ ᠰᠠᠨᠠᠭ᠎ᠠ᠂ ᠬᠤᠷᠢᠳᠤᠭᠠᠷ ᠬᠤᠭᠤᠴᠠᠭᠠᠨ ᠤ ᠲᠥᠪ ᠬᠤᠷᠢᠶᠠᠨ ᠤ ᠬᠤᠶᠠᠳᠤᠭᠠᠷ ᠪᠦᠭᠦᠳᠡ ᠬᠤᠷᠠᠯ ᠤᠨ ᠵᠣᠷᠢᠭ ᠰᠠᠨᠠᠭ᠎ᠠ ᠪᠣᠯᠣᠨ ᠥᠪᠡᠷᠲᠡᠭᠡᠨ ᠵᠠᠰᠠᠬᠤ ᠣᠷᠣᠨ ᠤ ᠨᠠᠮ ᠤᠨ ᠬᠤᠷᠢᠶᠠᠨ ᠤ ᠠᠷᠪᠠᠨ ᠨᠢᠭᠡᠳᠦᠭᠡᠷ ᠬᠤᠭᠤᠴᠠᠭᠠᠨ ᠤ ᠳᠣᠯᠣᠳᠤᠭᠠᠷ ᠪᠦᠭᠦᠳᠡ ᠬᠤᠷᠠᠯ ᠲᠤᠬᠠᠶᠢᠯᠠᠪᠠᠯ ᠪᠦᠬᠦ ᠲᠣᠭᠤᠷᠢᠭ ᠤᠨ ᠠᠵᠤ ᠠᠬᠤᠢ ᠶᠢᠨ ᠠᠵᠢᠯ ᠤᠨ ᠬᠤᠷᠠᠯ᠂ ᠬᠤᠲᠠ ᠶᠢᠨ ᠨᠠᠮ ᠤᠨ ᠬᠤᠷᠢᠶᠠᠨ ᠤ ᠠᠷᠪᠠᠨ ᠭᠤᠷᠪᠠᠳᠤᠭᠠᠷ ᠬᠤᠭᠤᠴᠠᠭᠠᠨ ᠤ ᠳᠣᠯᠣᠳᠤᠭᠠᠷ ᠪᠦᠭᠦᠳᠡ ᠬᠤᠷᠠᠯ ᠵᠢᠴᠢ ᠪᠦᠬᠦ ᠬᠤᠲᠠ ᠶᠢᠨ ᠠᠵᠤ ᠠᠬᠤᠢ ᠶᠢᠨ ᠠᠵᠢᠯ ᠤᠨ ᠬᠤᠷᠠᠯ᠂ ᠲᠣᠭᠤᠷᠢᠭ ᠤᠨ ᠨᠠᠮ ᠤᠨ ᠬᠤᠷᠢᠶᠠᠨ ᠤ ᠶᠢᠰᠦᠳᠦᠭᠡᠷ ᠬᠤᠭᠤᠴᠠᠭᠠᠨ ᠤ ᠨᠠᠢᠮᠠᠳᠤᠭᠠᠷ ᠪᠦᠭᠦᠳᠡ ᠬᠤᠷᠠᠯ ᠵᠢᠴᠢ ᠪᠦᠬᠦ ᠲᠣᠭᠤᠷᠢᠭ ᠤᠨ ᠠᠵᠤ ᠠᠬᠤᠢ ᠶᠢᠨ ᠠᠵᠢᠯ ᠤᠨ ᠬᠤᠷᠠᠯ ᠤᠨ ᠵᠣᠷᠢᠭ ᠰᠠᠨᠠᠭ᠎ᠠ ᠶᠢ ᠪᠦᠬᠦ ᠲᠠᠯ᠎ᠠ ᠪᠠᠷ ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ᠰᠢᠨ᠎ᠡ ᠬᠥᠭᠵᠢᠯᠲᠡ ᠶᠢᠨ ᠣᠶᠢᠯᠠᠭᠠᠭᠳᠠᠬᠤᠨ ᠢ ᠪᠦᠷᠢᠨ ᠪᠦᠲᠦᠨ᠂ ᠣᠨᠣᠪᠴᠢᠲᠠᠢ᠂ ᠪᠦᠬᠦ ᠲᠠᠯ᠎ᠠ ᠪᠠᠷ ᠲᠤᠭᠤᠰᠢᠯᠠᠭᠤᠯᠵᠤ᠂ ᠬᠤᠶᠠᠷ ᠶᠡᠭᠡ ᠶᠠᠪᠤᠳᠠᠯ ᠳᠤ ᠠᠩᠬᠠᠷᠤᠯ ᠢᠶᠠᠨ ᠲᠥᠪᠯᠡᠷᠡᠭᠦᠯᠦᠨ ᠬᠦᠴᠦᠨ ᠢᠶᠠᠨ ᠲᠥᠪᠯᠡᠷᠡᠭᠦᠯᠵᠦ ᠰᠠᠶᠢᠲᠤᠷ ᠬᠢᠵᠦ᠂ ᠰᠢᠨ᠎ᠡ ᠦᠢᠯᠡᠳᠪᠦᠷᠢᠯᠡᠯ ᠤᠨ ᠬᠦᠴᠦᠨ ᠢ ᠲᠦᠷᠭᠡᠨ ᠪᠦᠷᠢᠯᠳᠦᠭᠦᠯᠵᠦ᠂ ᠴᠢᠨᠠᠷ ᠰᠠᠶᠢᠲᠠᠢ ᠬᠥᠭᠵᠢᠯᠲᠡ ᠶᠢ ᠪᠡᠶᠡᠯᠡᠭᠦᠯᠦᠨ᠎ᠡ᠃      ᠳᠠᠷᠠᠭ᠎ᠠ ᠨᠢ᠂ ᠲᠣᠭᠤᠷᠢᠭ ᠤᠨ ᠨᠠᠮ ᠤᠨ ᠬᠤᠷᠢᠶ᠎ᠠ ᠶᠢᠨ ᠤᠨᠤᠯ ᠰᠤᠷᠤᠯᠴᠠᠬᠤ ᠲᠥᠪ ᠤᠨ ᠳᠤᠭᠤᠶᠢᠯᠠᠩ ᠤᠨ ᠭᠡᠰᠢᠭᠦᠳ ᠬᠥᠬᠡᠬᠤᠲᠠ ᠶᠢᠨ ᠣᠶᠤᠨᠲᠤ ᠬᠤᠳᠠ ᠶᠢᠨ ᠠᠵᠢᠯᠯᠠᠭᠠᠨ ᠤ ᠵᠢᠯᠤᠭᠤᠳᠬᠤ ᠲᠥᠪ ᠢᠶᠠᠷ ᠲᠣᠭᠤᠷᠢᠨ ᠦᠵᠡᠵᠦ᠂ ᠬᠥᠬᠡᠬᠤᠲᠠ ᠶᠢᠨ ᠣᠶᠤᠨᠲᠤ ᠬᠤᠳᠠ᠂ ᠬᠤᠳᠠ ᠶᠢᠨ ᠶᠡᠭᠡ ᠲᠠᠷᠢᠬᠢᠨ ᠤ ᠪᠦᠲᠦᠭᠡᠨ ᠪᠠᠶᠢᠭᠤᠯᠤᠯᠲᠠ ᠶᠢᠨ ᠪᠠᠶᠢᠳᠠᠯ ᠵᠢᠴᠢ ᠨᠢᠭᠡ ᠰᠦᠯᠵᠢᠶ᠎ᠡ ᠪᠠᠷ ᠨᠢᠭᠡᠳᠦᠯᠲᠡᠢ ᠬᠠᠮᠢᠶᠠᠷᠴᠤ ᠵᠢᠯᠣᠭᠤᠳᠤᠨ ᠲᠣᠬᠢᠷᠠᠭᠤᠯᠬᠤ ᠲᠠᠪᠴᠠᠩ ᠤᠨ ᠠᠵᠢᠯᠯᠠᠭᠠᠨ ᠤ ᠪᠠᠶᠢᠳᠠᠯ ᠢ ᠨᠠᠷᠢᠨ ᠣᠶᠢᠯᠠᠭᠠᠪᠠ᠃      ᠲᠣᠭᠤᠷᠢᠨ ᠦᠵᠡᠵᠦ ᠪᠠᠷᠠᠭᠰᠠᠨ ᠤ ᠳᠠᠷᠠᠭ᠎ᠠ᠂ ᠣᠯᠠᠨ ᠢᠶᠠᠷ ᠢᠶᠠᠨ ᠢᠯᠡᠷᠬᠡᠶᠢᠯᠡᠬᠦ ᠳᠡᠭᠡᠨ᠂ ᠣᠳᠣᠬᠠᠨ ᠤ ᠰᠢᠨᠵᠢᠯᠡᠬᠦ ᠤᠬᠠᠭᠠᠨ ᠮᠡᠷᠭᠡᠵᠢᠯ ᠤᠨ ᠨᠢᠰᠬᠦ ᠮᠡᠲᠦ ᠲᠦᠷᠭᠡᠨ ᠬᠥᠭᠵᠢᠯᠲᠡ ᠪᠠ ᠬᠤᠲᠠᠴᠢᠯᠠᠯᠲᠠ ᠶᠢᠨ ᠠᠬᠢᠴᠠ ᠶᠢᠨ ᠲᠦᠷᠭᠡᠳᠬᠦ ᠶᠢ ᠳᠠᠭᠠᠯᠳᠤᠨ᠂ ᠣᠶᠤᠨᠲᠤ ᠬᠤᠲᠠ ᠡᠳᠦᠷ ᠲᠤᠲᠤᠮ ᠤᠨ ᠠᠮᠢᠳᠤᠷᠠᠯ ᠳᠤ ᠢᠳᠡᠭ ᠢᠳᠡᠭ ᠢᠶᠠᠷ ᠠᠭᠤᠰᠤᠨ ᠣᠷᠣᠵᠤ ᠪᠠᠶᠢᠨ᠎ᠠ ᠭᠡᠵᠡᠢ᠃ ᠣᠶᠤᠨᠲᠤ ᠬᠤᠲᠠ ᠨᠢ ᠪᠠᠷᠠᠭᠠᠨ ᠤ ᠮᠡᠳᠡᠭᠡ ᠵᠠᠩᠭᠢ ᠶᠢᠨ ᠰᠦᠯᠵᠢᠶ᠎ᠡ᠂ ᠡᠭᠦᠯᠡᠨ ᠪᠣᠳᠣᠯᠲᠠ᠂ ᠲᠣᠮᠣ ᠳ᠋ᠠᠶᠢᠲ᠋ᠠ ᠵᠡᠷᠭᠡ ᠰᠢᠨ᠎ᠡ ᠨᠢᠭᠡ ᠦᠶ᠎ᠡ ᠶᠢᠨ ᠮᠡᠷᠭᠡᠵᠢᠯ ᠢ ᠬᠡᠷᠡᠭᠯᠡᠨ᠂ ᠬᠤᠳᠠ ᠶᠢᠨ ᠠᠵᠢᠯᠯᠠᠭᠠᠨ ᠢ ᠪᠦᠬᠦ ᠲᠠᠯ᠎ᠠ ᠪᠠᠷ ᠲᠣᠭᠠᠴᠢᠯᠠᠬᠤ ᠶᠢ ᠪᠡᠶᠡᠯᠡᠭᠦᠯᠵᠦ᠂ ᠮᠡᠳᠡᠭᠡ ᠵᠠᠩᠭᠢ ᠶᠢ ᠣᠯᠬᠤ ᠴᠢᠳᠠᠪᠤᠷᠢ ᠪᠠ ᠦᠢᠯᠡᠴᠢᠯᠡᠭᠡᠨ ᠤ ᠴᠠᠭ ᠲᠤᠬᠠᠶᠢᠴᠢ ᠴᠢᠨᠠᠷ ᠢ ᠶᠡᠭᠡ ᠪᠠᠷ ᠳᠡᠭᠡᠭᠰᠢᠯᠡᠭᠦᠯᠵᠦ᠂ ᠠᠷᠠᠳ ᠤᠨ ᠠᠮᠢᠳᠤᠷᠠᠯ ᠤᠨ ᠬᠦᠷᠢᠶᠡᠨ ᠳᠠᠬᠢ ᠠᠯᠢ ᠤᠯᠠᠨ ᠠᠰᠠᠭᠤᠳᠠᠯ ᠢ ᠰᠢᠢᠳᠪᠦᠷᠢᠯᠡᠵᠦ᠂ ᠤᠯᠠᠨ ᠨᠡᠶᠢᠲᠡ ᠶᠢᠨ ᠦᠢᠯᠡᠴᠢᠯᠡᠭᠡ ᠶᠢ ᠠᠳᠠᠯᠢ ᠲᠡᠭᠰᠢ ᠪᠣᠯᠭᠠᠬᠤ ᠪᠠ ᠴᠢᠨᠠᠷᠵᠢᠭᠤᠯᠬᠤ ᠶᠢ ᠠᠬᠢᠭᠤᠯᠵᠤ᠂ ᠡᠭᠦᠨ ᠤ ᠤᠯᠠᠮ ᠠᠴᠠ ᠠᠷᠠᠳ ᠲᠦᠮᠡᠨ ᠤ ᠰᠠᠶᠢᠨ ᠰᠠᠶᠢᠬᠠᠨ ᠠᠮᠢᠳᠤᠷᠠᠯ ᠤᠨ ᠲᠤᠬᠠᠢ ᠬᠦᠰᠡᠯ ᠡᠷᠡᠮᠡᠯᠵᠡᠯ ᠢ ᠬᠠᠩᠭᠠᠵᠤ᠂ ᠠᠵᠤ ᠠᠬᠤᠢ ᠨᠡᠶᠢᠭᠡᠮ ᠤᠨ ᠦᠷᠭᠦᠯᠵᠢᠯᠡᠬᠦ ᠬᠥᠭᠵᠢᠯᠲᠡ ᠶᠢ ᠲᠦᠯᠬᠢᠨ ᠠᠬᠢᠭᠤᠯᠵᠤ ᠴᠢᠳᠠᠨ᠎ᠠ᠃ ᠬᠤᠶᠢᠰᠢᠳᠠ ᠠᠵᠢᠯ ᠤᠨ ᠪᠣᠳᠠᠲᠠᠢ ᠲᠠᠢ ᠪᠠᠨ ᠤᠶᠠᠯᠳᠤᠭᠤᠯᠵᠤ᠂ ᠨᠢᠭᠡᠳᠦᠯᠲᠡᠢ ᠲᠥᠯᠥᠪᠵᠢᠭᠦᠯᠦᠨ ᠵᠣᠬᠢᠴᠠᠭᠤᠯᠬᠤ ᠪᠠ ᠡᠬᠢ ᠪᠠᠶᠠᠯᠢᠭ ᠢ ᠨᠡᠶᠢᠳᠬᠡᠬᠦ ᠶᠢ ᠴᠢᠩᠭᠠᠳᠬᠠᠵᠤ᠂ ᠲᠤᠭ᠎ᠠ ᠪᠠᠷᠢᠮᠲᠠ ᠪᠠᠷ ᠡᠨᠧᠷᠭᠢ ᠣᠯᠭᠤᠬᠤ ᠬᠤᠳᠠ ᠶᠢᠨ ᠵᠠᠰᠠᠯᠲᠠ ᠶᠢ ᠴᠢᠩᠭᠠᠳᠬᠠᠵᠤ᠂ ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠳᠤ ᠦᠢᠯᠡᠴᠢᠯᠡᠵᠦ᠂ ᠬᠤᠳᠠ ᠶᠢᠨ ᠬᠠᠮᠢᠶᠠᠷᠤᠯᠲᠠ᠂ ᠦᠨᠳᠦᠰᠦᠨ ᠱᠠᠲᠤᠨ ᠤ ᠵᠠᠰᠠᠯᠲᠠ ᠶᠢ ᠨᠡᠩ ᠣᠨᠣᠪᠴᠢᠲᠠᠢ ᠪᠥᠭᠡᠳ ᠣᠶᠤᠨᠴᠢ ᠪᠣᠯᠭᠠᠵᠤ᠂ ᠤᠯᠠᠨ ᠲᠦᠮᠡᠨ ᠤ ᠵᠣᠯ ᠵᠢᠷᠭᠠᠯ ᠤᠨ ᠲᠥᠷᠥᠭᠳᠡᠯ᠂ ᠬᠦᠷᠲᠡᠮᠵᠢ ᠶᠢᠨ ᠲᠥᠷᠥᠭᠳᠡᠯ᠂ ᠬᠠᠨᠤᠮᠵᠢᠲᠠᠢ ᠲᠥᠷᠥᠭᠳᠡᠯ ᠢ ᠲᠠᠰᠤᠷᠠᠯᠳᠠ ᠦᠭᠡᠢ ᠳᠡᠭᠡᠭᠰᠢᠯᠡᠭᠦᠯᠦᠨ᠎ᠡ᠃      ᠢᠷᠡᠯᠲᠡ᠄ ᠬᠤᠲᠣᠩ ᠠᠷᠠᠳ ᠤᠨ ᠲᠣᠭᠤᠷᠢᠭ ᠤᠨ ᠵᠠᠰᠠᠭ ᠤᠨ ᠣᠷᠳᠣᠨ ᠤ ᠠᠯᠪᠠᠨ ᠰᠦᠯᠵᠢᠶ᠎ᠡ  
 
ᠢᠷᠡᠯᠲᠡ᠄ ᠬᠤᠲᠤᠩ ᠠᠷᠠᠳ ᠤᠨ ᠲᠣᠭᠤᠷᠢᠭ ᠤᠨ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000611号-1号