ᠰᠡᠳᠬᠢᠯ ᠤᠨ ᠪᠠᠭᠤᠴᠠᠨ ᠳᠡᠭᠡᠷ᠎ᠡ ᠳᠡᠯᠭᠡᠷᠡᠬᠦ ᠰᠢᠨ᠎ᠡ ᠵᠢᠯ
ᠨᠡᠶᠢᠲᠡᠯᠡᠭᠰᠡᠨ ᠴᠠᠭ᠄
2024/3/14
     ᠤᠷᠢᠨ ᠬᠠᠪᠤᠷ ᠤᠨ ᠴᠢᠭᠤᠯᠭᠠᠨ ᠳᠤ      ᠲᠥᠯ ᠤᠨ ᠳᠠᠭᠤ ᠲᠠᠢ ᠬᠥᠳᠡᠭᠡ      ᠤᠶᠠᠩᠭ᠎ᠠ ᠨᠠᠶᠢᠷᠠᠭ ᠢᠶᠠᠷ ᠨᠢᠯᠬᠠᠷᠠᠵᠤ      ᠠᠭᠤᠯᠠ ᠶᠢᠨ ᠡᠩᠭᠡᠷ ᠲᠤ ᠢᠷᠭᠤᠢ ᠨᠢᠳᠦᠯᠡᠬᠦ ᠶᠢᠨ ᠵᠠᠭᠤᠷ᠎ᠠ      ᠰᠡᠳᠬᠢᠯ ᠤᠨ ᠪᠠᠭᠤᠴᠠᠨ ᠳᠡᠭᠡᠷ᠎ᠡ ᠳᠡᠯᠭᠡᠷᠡᠬᠦ ᠰᠢᠨ᠎ᠡ ᠵᠢᠯ ᠳᠤ      ᠳᠤᠷᠠᠯᠠᠯ ᠤᠨ ᠴᠡᠩᠬᠡᠷ ᠲᠡᠷᠯᠢᠭ ᠢᠶᠠᠨ ᠡᠮᠦᠰᠳᠡᠭ      ᠣᠳᠣᠳ ᠤᠨ ᠬᠢᠵᠠᠭᠠᠷ ᠦᠭᠡᠢ ᠵᠠᠢ ᠳᠤ      ᠮᠥᠷᠥᠭᠡᠳᠦᠯ ᠢᠶᠠᠨ ᠭᠡᠵᠦ ᠲᠡᠮᠡᠦᠯᠦᠭᠰᠡᠨ ᠬᠦᠰᠡᠯ ᠮᠢᠨᠢ      ᠭᠤᠣᠯ ᠤᠨ ᠤᠰᠤᠨ ᠪᠣᠯᠵᠤ ᠮᠡᠯᠮᠡᠯᠵᠡᠨ      ᠴᠡᠴᠡᠭ ᠪᠦᠭᠦᠨ ᠤ ᠥᠩᠭᠡᠨ ᠳᠤᠮᠳᠠᠭᠤᠷ      ᠣᠨ ᠵᠢᠯ ᠥᠭᠰᠥᠵᠦ ᠤᠷᠤᠭᠤᠳᠠᠬᠤ ᠳᠤ      ᠰᠡᠳᠬᠢᠯ ᠤᠨ ᠪᠠᠭᠤᠴᠠᠨ ᠳᠡᠭᠡᠷ᠎ᠡ ᠳᠡᠯᠭᠡᠷᠡᠬᠦ ᠰᠢᠨ᠎ᠡ ᠵᠢᠯ ᠤᠨ      ᠭᠡᠭᠡᠨ ᠮᠡᠯᠮᠡᠢ ᠳᠤᠨᠢ ᠪᠢ ᠴᠡᠴᠡᠭᠯᠡᠳᠡᠭ      ᠠᠶᠠᠨ ᠤ ᠰᠢᠪᠠᠭᠤᠳ ᠤᠮᠠᠷᠠᠰᠢ ᠪᠤᠴᠠᠵᠤ      ᠠᠶᠠᠯᠭᠤ ᠳᠠᠭᠤᠤ ᠰᠡᠳᠬᠢᠯ ᠬᠥᠭᠵᠢᠭᠡᠨ      ᠨᠣᠮ ᠤᠨ ᠵᠠᠪᠰᠠᠷ ᠲᠤ ᠰᠢᠨ᠎ᠡ ᠨᠠᠬᠢᠶ᠎ᠠ ᠴᠤᠬᠤᠯᠵᠠᠨ      ᠰᠡᠳᠬᠢᠯ ᠤᠨ ᠪᠠᠭᠤᠴᠠᠨ ᠳᠡᠭᠡᠷ᠎ᠡ ᠳᠡᠯᠭᠡᠷᠡᠬᠦ ᠰᠢᠨ᠎ᠡ ᠵᠢᠯ ᠤᠨ      ᠮᠥᠷᠥᠭᠡᠳᠦᠯ ᠤᠨ ᠭᠡᠭᠡᠨ ᠵᠠᠮ ᠢᠶᠠᠷ ᠪᠢ ᠲᠡᠮᠡᠦᠯᠳᠡᠭ      ᠣᠯᠠᠨ ᠵᠦᠭ ᠤᠨ ᠠᠮᠢᠲᠠᠨ ᠭᠠᠵᠠᠷ ᠢᠶᠠᠨ ᠴᠢᠩᠨᠠᠵᠤ      ᠰᠠᠨᠰᠠᠷ ᠲᠤ ᠣᠳᠣᠳ ᠳᠦᠭᠦᠷᠡᠩ ᠢᠨᠢᠶᠡᠮᠰᠦᠭᠯᠡᠨ      ᠬᠠᠶᠢᠷ᠎ᠠ ᠪᠦᠭᠦᠨ ᠨᠢ ᠢᠯᠴᠢ ᠪᠠᠷ ᠭᠤᠶᠤᠵᠤ      ᠰᠣᠶᠢᠯᠭ᠎ᠠ ᠲᠠᠢ ᠮᠣᠷᠢᠳ ᠴᠣᠪᠬᠤᠴᠢᠬᠤ ᠳᠤ      ᠰᠡᠳᠬᠢᠯ ᠤᠨ ᠪᠠᠭᠤᠴᠠᠨ ᠳᠡᠭᠡᠷ᠎ᠡ ᠳᠡᠯᠭᠡᠷᠡᠬᠦ ᠰᠢᠨ᠎ᠡ ᠵᠢᠯ ᠤᠨ      ᠳᠥᠷᠥᠭᠡᠨ ᠳᠡᠭᠡᠷ᠎ᠡ ᠪᠢ ᠮᠢᠰᠢᠶᠡᠳᠡᠭ
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000611号-1号