ᠳᠠᠭᠤᠤ ᠤᠷᠠᠯᠢᠭ ᠦᠭᠡᠢ ᠪᠠᠷ ᠬᠥᠮᠥᠨ ᠤ ᠣᠷᠴᠢᠯᠠᠩ ᠢ ᠲᠥᠰᠥᠭᠡᠯᠡᠬᠦ ᠶᠢᠨ ᠠᠷᠭ᠎ᠠ ᠦᠭᠡᠢ᠃ ᠳᠠᠭᠤᠤ | ᠬᠥᠭᠵᠢᠮ ᠨᠢ ᠬᠥᠮᠥᠨ ᠤ ᠰᠡᠳᠬᠢᠯᠭᠡᠨ ᠤ ᠬᠠᠮᠤᠭ ᠤᠨ ᠲᠣᠮᠣ ᠠᠨᠠᠭᠠᠬᠤ ᠤᠬᠠᠭᠠᠨ᠃ ᠳᠡᠯᠡᠬᠡᠢ ᠶᠢᠨ ᠠᠯᠢ ᠴᠦ | ᠤᠯᠤᠰ ᠣᠷᠣᠨ ᠳᠤ ᠪᠦᠷ ᠥᠪᠡᠷ ᠤᠨ ᠭᠡᠬᠦ ᠳᠠᠭᠤᠤ ᠤᠷᠠᠯᠢᠭ ᠤᠨ ᠷᠢᠳᠢ ᠰᠢᠳᠢ ᠲᠠᠢ ᠪᠠᠶᠢᠳᠠᠭ᠃ ᠡᠭᠦᠨ ᠳᠤ | ᠤᠷᠲᠤ ᠶᠢᠨ ᠳᠠᠭᠤᠤ ᠨᠢ ᠥᠪᠡᠷ ᠤᠨ ᠭᠡᠬᠦ ᠭᠦᠭ ᠠᠶᠠᠰ᠂ ᠳᠠᠭᠤᠯᠠᠬᠤ ᠬᠡᠪ ᠮᠠᠶ᠋ᠢᠭ ᠢᠶᠠᠷ ᠢᠶᠠᠨ ᠳᠡᠯᠡᠬᠡᠢ ᠶᠢᠨ | ᠰᠣᠨᠣᠰᠬᠤᠯᠠᠩ ᠳᠤ ᠭᠦᠷᠦᠭᠰᠡᠨ ᠨᠢ ᠪᠠᠭ᠋ᠠᠷᠬᠠᠯᠲᠠᠢ᠃ | ᠨᠠᠩᠰᠠᠯᠮ᠎ᠠ ᠪᠣᠯ ᠤᠯᠤᠰ ᠤᠨ ᠭᠤᠷᠪᠠᠳᠤᠭᠠᠷ ᠲᠡᠰ ᠤᠨ ᠲᠣᠭᠯᠠᠭᠴᠢ᠂ ᠬᠥᠯᠥᠨ ᠪᠤᠶᠢᠷ ᠬᠤᠲᠠ ᠶᠢᠨ ᠠᠵᠢᠯ | ᠮᠡᠷᠭᠡᠵᠢᠯ ᠤᠨ ᠳᠡᠭᠡᠳᠦ ᠰᠤᠷᠭᠠᠭᠤᠯᠢ ᠶᠢᠨ ᠤᠷᠲᠤ ᠶᠢᠨ ᠳᠠᠭᠤᠤ ᠶᠢᠨ ᠪᠠᠭᠰᠢ᠂ ᠬᠥᠯᠥᠨ ᠪᠤᠶᠢᠷ ᠬᠤᠲᠠ ᠶᠢᠨ | ︽ᠲᠠᠪᠤᠨ ᠲᠠᠩᠰᠤᠭ︾ ᠬᠡᠦᠬᠡᠳ ᠤᠨ ᠨᠠᠶᠢᠷᠠᠯ ᠳᠠᠭᠤᠤ ᠶᠢᠨ ᠪᠦᠯᠭᠦᠮ ᠤᠨ ᠪᠠᠭᠰᠢ᠂ ᠬᠥᠯᠥᠨ ᠪᠤᠶᠢᠷ ᠬᠤᠲᠠ ᠶᠢᠨ | ᠳᠠᠭᠤᠤ ᠬᠥᠭᠵᠢᠮ ᠤᠨ ᠨᠡᠶᠢᠭᠡᠮᠯᠢᠭ ᠤᠨ ᠬᠡᠷᠡᠭ ᠡᠷᠭᠢᠯᠡᠭᠴᠢ ᠶᠢᠨ ᠳᠠᠷᠤᠭ᠎ᠠ ᠪᠣᠯᠣᠨ᠎ᠠ᠃ | ᠲᠡᠷᠡ 14 ᠨᠠᠰᠤᠨ ᠠᠴᠠ ᠪᠠᠨ ᠤᠷᠲᠦ ᠶᠢᠨ ᠳᠠᠭᠤᠤ ᠭᠡᠬᠦ ᠶᠡᠭᠡ ᠤᠷᠠᠯᠢᠭ ᠤᠨ ᠬᠠᠭᠠᠯᠭ᠎ᠠ ᠶᠢ ᠲᠣᠭᠰᠢᠵᠤ᠂ | ᠠᠴᠢᠲᠤ ᠪᠠᠭᠰᠢ ᠨᠠᠷ ᠤᠨ ᠢᠶᠠᠨ ᠠᠷᠢᠭᠤᠨ ᠬᠠᠶᠢᠷ᠎ᠠ ᠳᠤ ᠪᠦᠪᠡᠶᠢᠯᠡᠭᠳᠡᠵᠦ᠂ ᠤᠷᠲᠦ ᠶᠢᠨ ᠳᠠᠭᠤᠴᠢᠨ ᠪᠤᠯᠬᠤ | ᠠᠩᠬᠠᠨ ᠤ ᠭᠠᠷᠤᠭ᠎ᠠ ᠪᠠᠨ ᠠᠪᠴᠠᠢ᠃ ᠲᠡᠷᠡ 2011 ᠣᠨ ᠳᠤ ᠮᠣᠩᠭᠤᠯ ᠤᠯᠤᠰ ᠤᠨ ᠰᠣᠶᠣᠯ ᠤᠨ ᠳᠡᠭᠡᠳᠦ | ᠰᠤᠷᠭᠠᠭᠤᠯᠢ ᠳᠤ ᠬᠥᠭᠵᠢᠮ ᠤᠨ ᠮᠡᠷᠭᠡᠵᠢᠯ ᠢᠶᠠᠷ ᠶᠡᠭᠡ ᠰᠤᠷᠭᠠᠭᠤᠯᠢ ᠪᠠᠨ ᠲᠡᠭᠦᠰᠬᠡᠵᠦ᠂ 2015 ᠣᠨ ᠳᠤ ᠮᠣᠩᠭᠤᠯ | ᠤᠯᠤᠰ ᠤᠨ ᠰᠣᠶᠣᠯ ᠤᠷᠠᠯᠢᠭ ᠤᠨ ᠶᠡᠭᠡ ᠰᠤᠷᠭᠠᠭᠤᠯᠢ ᠳᠤ ᠤᠷᠲᠤ ᠶᠢᠨ ᠳᠠᠭᠤᠤ ᠶᠢᠨ ᠳᠠᠭᠤᠯᠠᠭᠠᠴᠢ ᠶᠢᠨ | ᠮᠡᠷᠭᠡᠵᠢᠯ ᠢᠶᠠᠷ ᠮᠠᠭᠢᠰᠲ᠋ᠧᠷ ᠴᠣᠯᠠ ᠬᠠᠮᠠᠭᠠᠯᠠᠵᠤ᠂ ᠣᠳᠣ ᠮᠣᠩᠭᠤᠯ ᠤᠯᠤᠰ ᠤᠨ ᠪᠠᠭᠰᠢ ᠶᠢᠨ ᠶᠡᠭᠡ ᠰᠤᠷᠭᠠᠭᠤᠯᠢ ᠳᠤ | ᠳ᠋ᠣᠺᠲ᠋ᠣᠷᠠᠨᠲ ᠢᠶᠠᠷ ᠰᠤᠷᠤᠯᠴᠠᠵᠤ ᠪᠠᠶᠢᠨ᠎ᠠ᠃ | ︽ᠤᠷᠲᠦ ᠶᠢᠨ ᠳᠠᠭᠤᠤ ᠪᠣᠯ ᠠᠷᠠᠳ ᠤᠨ ᠤᠯᠠᠮᠵᠢᠯᠠᠯᠲᠤ ᠤᠷᠠᠯᠢᠭ ᠶᠤᠮ᠃ ᠲᠡᠭᠦᠨ ᠤ ᠳᠣᠲᠣᠷ᠎ᠠ ᠲᠤᠬᠠᠢ | ᠶᠢᠨ ᠴᠠᠭ ᠤᠨ ᠲᠡᠦᠬᠡ᠂ ᠰᠣᠶᠣᠯ ᠤᠷᠠᠯᠢᠭ ᠭᠡᠬᠦ ᠮᠡᠲᠦ ᠶᠢᠨ ᠤᠯᠠᠨ ᠵᠦᠢᠯ ᠤᠨ ᠠᠭᠤᠯᠬᠤᠢ ᠪᠠᠶᠢᠳᠠᠭ ᠪᠣᠯᠬᠤᠷ | ᠰᠤᠳᠤᠯᠭᠠᠨ ᠤ ᠦᠨ᠎ᠡ ᠴᠡᠨ᠎ᠡ ᠭᠦᠨ ᠠᠴᠠ ᠭᠦᠨ ᠶᠤᠮ ᠰᠢᠤ᠃ ᠳᠡᠯᠡᠬᠡᠢ ᠶᠢᠨ ᠠᠯᠳᠠᠷᠲᠤ ᠳᠠᠭᠤᠴᠢᠨ ᠴᠠᠬᠠᠷ | ᠲᠤᠭᠴᠢ ᠤᠷᠠᠨ᠎ᠠ ᠪᠠᠭᠰᠢ ᠶᠢᠨ ᠳᠠᠭᠤᠤ ᠶᠢ ᠶᠠᠮᠠᠷ ᠴᠤ ᠬᠥᠭᠵᠢᠮ ᠬᠠᠪᠰᠤᠷᠭᠠᠯᠲᠠ ᠦᠭᠡᠢ᠂ ᠦᠭᠡᠨ ᠤ ᠤᠳᠬ᠎ᠠ ᠶᠢ | ᠨᠢ ᠴᠤ ᠣᠶᠢᠯᠠᠭᠠᠬᠤ ᠦᠭᠡᠢ ᠪᠠᠶᠢᠳᠠᠯ ᠳᠣᠣᠷ᠎ᠠ ᠠᠯᠢ ᠴᠤ ᠤᠯᠤᠰ ᠣᠷᠣᠨ ᠤ ᠬᠥᠮᠥᠰ ᠲᠡᠭᠦᠨ ᠤ ᠳᠠᠭᠤᠤ ᠶᠢ | ᠰᠣᠨᠣᠰᠤᠭᠰᠠᠨ ᠢᠶᠠᠷ ᠥᠪᠡᠷ ᠤᠨ ᠡᠷᠬᠡ ᠦᠭᠡᠢ ᠰᠡᠳᠬᠢᠯ ᠨᠢ ᠲᠠᠲᠠᠭᠳᠠᠵᠤ ᠳᠣᠭᠳᠣᠯᠳᠠᠭ ᠨᠢ ᠭᠠᠶᠢᠬᠠᠯᠲᠠᠢ︕︾ | ᠭᠡᠵᠦ ᠨᠠᠩᠰᠠᠯᠮ᠎ᠠ ᠤᠷᠲᠦ ᠶᠢᠨ ᠳᠠᠭᠤᠤ ᠶᠢᠨ ᠰᠤᠳᠤᠯᠭᠠᠨ᠂ ᠭᠠᠶᠢᠬᠠᠮᠰᠢᠭ ᠤᠨ ᠲᠤᠬᠠᠢ ᠶᠠᠷᠢᠨ᠎ᠠ᠃ | | | | | 2014 ᠣᠨ ᠳᠤ ᠲᠡᠷᠨ ᠨᠥᠬᠦᠷ ᠲᠠᠢ ᠪᠠᠨ ︽ᠬᠠᠨ ᠠᠶᠠᠯᠭᠤ ᠬᠥᠭᠵᠢᠮ︾ ᠤᠨ ᠦᠷᠦᠭᠡ ᠪᠠᠨ | ᠠᠵᠢᠯᠯᠠᠭᠤᠯᠪᠠ᠃ ᠠᠷᠪᠠᠨ ᠵᠢᠯ ᠤᠨ ᠲᠤᠷᠰᠢ᠂ ᠲᠡᠳᠡ ᠬᠤᠶᠠᠭᠤᠯᠠ ᠬᠥᠭᠵᠢᠮ ᠤᠨ ᠥᠷᠥᠭᠡᠨ ᠳᠡᠭᠡᠨ ᠳᠠᠭᠤᠤ | ᠬᠥᠭᠵᠢᠮ᠂ ᠬᠥᠭᠡᠮᠡᠢ᠂ ᠮᠣᠷᠢᠨ ᠬᠤᠭᠤᠷ᠂ ᠲᠣᠪᠰᠢᠭᠤᠷ᠂ ᠠᠮᠠᠨ ᠬᠤᠭᠤᠷ ᠵᠡᠷᠭᠡ ᠮᠡᠷᠭᠡᠵᠢᠯ ᠢᠶᠠᠷ ᠬᠡᠳᠦᠨ ᠵᠠᠭᠤᠨ | ᠰᠤᠷᠤᠬᠴᠢ ᠶᠢ ᠬᠥᠮᠥᠵᠢᠭᠦᠯᠵᠦ᠂ ᠵᠤᠨ ᠤᠯᠠᠨ ᠳᠠᠭᠠᠨ ᠲᠠᠨᠢᠭᠳᠠᠭᠰᠠᠨ ᠪᠠᠶᠢᠨ᠎ᠠ᠃ | ᠨᠠᠩᠰᠠᠯᠮ᠎ᠠ 20 ᠭᠠᠷᠤᠢ ᠵᠢᠯ ᠤᠨ ᠬᠤᠭᠤᠴᠠᠭᠠᠨ ᠳᠤ ᠤᠷᠲᠦ ᠶᠢᠨ ᠳᠠᠭᠤᠤ ᠪᠠᠷ ᠭᠤᠶᠤᠵᠦ᠂ ᠤᠷᠲᠦ ᠶᠢᠨ | ᠳᠠᠭᠤᠤ ᠶᠢᠨ ᠷᠢᠳᠢ ᠰᠢᠳᠢ ᠪᠠᠷ ᠠᠮᠢᠳᠤᠷᠠᠯ ᠢᠶᠠᠨ ᠭᠡᠷᠡᠯᠳᠦᠭᠦᠯᠵᠤ ᠢᠷᠡᠭᠰᠡᠨ ᠪᠠᠶᠢᠳᠠᠭ᠃ᠲᠡᠶᠢᠮᠤ ᠠᠴᠠ ᠲᠡᠷᠡ ︽ | ᠤᠷᠲᠦ ᠶᠢᠨ ᠳᠠᠭᠤᠤ ᠨᠢ ᠠᠮᠢᠳᠤᠷᠠᠯ ᠤᠨ ᠰᠣᠯᠣᠩᠭᠠᠨ ᠡᠭᠡᠰᠢᠭ ᠪᠣᠯᠤᠭᠰᠠᠨ ᠪᠠᠶᠢᠨ᠎ᠠ︾ ᠭᠡᠵᠦ ᠦᠷᠭᠦᠯᠵᠢ ᠶᠠᠷᠢᠳᠠᠭ᠃ | ᠲᠡᠷᠡ ᠥᠪᠡᠷ ᠤᠨ ᠭᠡᠬᠦ ᠤᠯᠠᠨ ᠰᠠᠶᠢᠬᠠᠨ ᠤᠷᠠᠨ ᠪᠦᠲᠦᠭᠡᠯ ᠲᠠᠢ ᠪᠠᠷ ᠪᠠᠷᠠᠬᠤ ᠦᠭᠡᠢ ᠡᠩᠭᠡᠷ ᠳᠦᠭᠦᠷᠡᠩ ᠱᠠᠩᠨᠠᠯ | ᠬᠥᠬᠢᠭᠦᠯᠦᠯ ᠲᠠᠢ ᠪᠢᠯᠡ᠃ | ᠤᠷᠲᠦ ᠶᠢᠨ ᠳᠠᠭᠤᠤ ᠪᠠᠷ ᠳᠡᠯᠡᠬᠡᠢ ᠶᠢᠨ ᠤᠳᠬ᠎ᠠ ᠤᠷᠠᠯᠢᠭ ᠤᠨ ᠶᠡᠭᠡ ᠥᠪ ᠰᠠᠩ ᠳᠤ ᠥᠪᠡᠷ ᠤᠨ ᠭᠡᠬᠦ | ᠬᠦᠴᠦᠨ ᠵᠢᠳᠬᠦᠯ ᠢᠶᠠᠨ ᠦᠵᠡᠭᠦᠯᠵᠦ᠂ ᠤᠳᠬ᠎ᠠ ᠤᠷᠠᠯᠢᠭ ᠢᠶᠠᠷ ᠭᠡᠷᠡᠯ ᠭᠡᠭᠡ ᠰᠠᠴᠤᠷᠠᠭᠤᠯᠵᠤ ᠶᠠᠪᠤᠭ᠎ᠠ ᠨᠠᠩᠰᠠᠯᠮ᠎ᠠ | ᠪᠠᠭᠰᠢ ᠶᠢᠨ ᠤᠷᠠᠯᠢᠭ ᠤᠨ ᠭᠡᠭᠡᠨ ᠵᠠᠮ ᠤᠯᠠᠮ ᠳᠤᠷᠠᠶᠢᠬᠤ ᠪᠣᠯᠲᠤᠭᠠᠢ︕ | | |