10 ᠴᠡᠪᠡᠷᠯᠡᠭᠴᠢ᠂ 1 ᠪᠠᠭᠠᠰᠬᠠᠬᠤ ᠲᠡᠷᠭᠡ ᠬᠥᠳᠡᠯᠭᠡᠵᠦ᠂ 0.3 ᠲᠤᠨ ᠶᠢ ᠵᠢᠶᠠᠨ ᠹᠠᠩ ᠲᠤᠰᠬᠤᠨ ᠤ ᠬᠤᠭ | ᠨᠣᠪᠰᠢ ᠶᠢ ᠴᠡᠪᠡᠷᠯᠡᠪᠡ᠃ | 6 ᠴᠡᠪᠡᠷᠯᠡᠭᠴᠢ᠂ 5 ᠭᠤᠷᠪᠠᠨ ᠬᠦᠷᠳᠦᠲᠦ ᠲᠡᠷᠭᠡ ᠬᠥᠳᠡᠯᠭᠡᠨ ᠴᠢᠩ ᠱᠠᠨ ᠲᠤᠰᠬᠤᠨ ᠤ ᠬᠤᠭ ᠨᠣᠪᠰᠢ ᠶᠢ | ᠴᠡᠪᠡᠷᠯᠡᠪᠡ᠃ | 3 ᠴᠡᠪᠡᠷᠯᠡᠭᠴᠢ᠂ 2 ᠭᠠᠷ ᠬᠥᠳᠡᠯᠭᠡᠭᠦᠷᠲᠦ ᠲᠡᠷᠭᠡ ᠬᠥᠳᠡᠯᠭᠡᠵᠦ᠂ ᠱᠢ ᠯᠠ ᠮᠧᠨ ᠭᠧᠩ ᠬᠤᠶᠠᠳᠤᠭᠠᠷ | ᠠᠩᠭᠢ ᠶᠢᠨ ᠬᠠᠶᠠᠭᠳᠠᠮᠠᠯ ᠬᠠᠭᠤᠴᠢᠨ ᠭᠡᠷ ᠤᠨ ᠬᠡᠷᠡᠭᠰᠡᠯ 0.6 ᠲᠤᠨ ᠴᠡᠪᠡᠷᠯᠡᠪᠡ᠃ | ︽ᠬᠤᠲᠠ ᠶᠢᠨ ᠬᠠᠮᠢᠶᠠᠷᠤᠯᠲᠠ ᠶᠢ ᠬᠠᠳᠬᠤᠮᠠᠯ ᠬᠤᠸᠠᠷ ᠰᠢᠭ᠋ ᠨᠠᠷᠢᠯᠢᠭ ᠪᠠᠶᠢᠯᠭᠠᠬᠤ︾ ᠱᠠᠭᠠᠷᠳᠠᠯᠭ᠎ᠠ | ᠶᠣᠰᠣᠭᠠᠷ᠂ ︽ᠬᠥᠬᠡᠬᠤᠲᠠ ᠶᠢᠨ ᠬᠤᠲᠠ ᠶᠢᠨ ᠨᠠᠷᠢᠯᠢᠭᠵᠢᠭᠤᠯᠤᠭᠰᠠᠨ ᠬᠠᠮᠢᠶᠠᠷᠤᠯᠲᠠ ᠶᠢᠨ ᠪᠠᠷᠢᠮᠵᠢᠶ᠎ᠠ︾ ᠲᠠᠢ | ᠬᠠᠷᠭᠤᠭᠤᠯᠵᠤ᠂ ᠬᠤᠲᠠ ᠶᠢᠨ ᠣᠷᠴᠢᠨ ᠲᠣᠭᠤᠷᠢᠨ ᠤ ᠠᠷᠢᠭᠤᠨ ᠴᠡᠪᠡᠷ ᠤᠨ ᠨᠠᠷᠢᠯᠢᠭᠵᠢᠭᠤᠯᠤᠭᠰᠠᠨ | ᠬᠠᠮᠢᠶᠠᠷᠤᠯᠲᠠ ᠶᠢ ᠪᠥᠬᠦ ᠲᠠᠯ᠎ᠠ ᠪᠠᠷ ᠨᠠᠶᠢᠳᠠᠪᠤᠷᠢᠵᠢᠭᠤᠯᠤᠨ᠎ᠠ᠃ ᠵᠢᠮᠢᠰ ᠤᠨ ᠬᠠᠯᠢᠰᠤ᠂ ᠨᠡᠶᠢᠲᠡ ᠶᠢᠨ ᠮᠠᠰᠢᠨ ᠲᠡᠷᠭᠡᠨ ᠤ | ᠥᠷᠲᠡᠭᠡᠨ ᠤ ᠫᠠᠶᠢᠰᠠ᠂ ᠬᠠᠶᠢᠷᠴᠠᠭ ᠤᠨ ᠰᠠᠪᠬᠠᠨ ᠤᠲᠠᠰᠤ ᠵᠡᠷᠭᠡ ︽ᠬᠤᠲᠠ ᠶᠢᠨ ᠭᠡᠷ ᠤᠨ ᠬᠡᠷᠡᠭᠰᠡᠯ︾ ᠢ ᠴᠡᠪᠡᠷᠯᠡᠨ | ᠠᠷᠴᠢᠵᠤ᠂ ᠮᠣᠳᠣᠨ ᠤ ᠨᠦᠬᠡ ᠪᠠ ᠪᠣᠷᠣᠭᠠᠨ ᠤ ᠤᠰᠤᠨ ᠤ ᠰᠠᠷᠠᠯᠵᠢ ᠶᠢ ᠴᠡᠪᠡᠷᠯᠡᠨ ᠴᠡᠪᠡᠷᠯᠡᠵᠦ᠂ ᠥᠨᠳᠥᠷ ᠳᠤᠯᠠᠭᠠᠨ | ᠥᠨᠳᠥᠷ ᠬᠦᠴᠦᠳᠡᠯᠲᠦ ᠵᠠᠮ ᠤᠨ ᠭᠠᠳᠠᠷᠭᠤ ᠶᠢᠨ ᠲᠣᠰᠣ ᠶᠢ ᠤᠬᠢᠶᠠᠵᠤ᠂ ᠠᠷᠢᠭᠤᠨ ᠴᠡᠪᠡᠷ ᠤᠨ ᠥᠯᠥ ᠣᠨᠣᠭᠳᠠᠬᠤ | ᠭᠠᠵᠠᠷ ᠢ ᠴᠡᠪᠡᠷᠯᠡᠵᠦ᠂ ︽ᠦᠬᠡᠷ ᠢᠯᠢᠳᠦ︾ ᠶᠢᠨ ᠵᠢᠵᠢᠭ ᠵᠠᠷ ᠮᠡᠳᠡᠭᠡ ᠶᠢ ᠠᠷᠢᠯᠭᠠᠵᠤ᠂ ᠬᠠᠮᠲᠤ ᠪᠠᠷ ᠡᠳ᠋ᠯᠡᠬᠦ ᠳᠤᠭᠤᠢ | ᠲᠡᠷᠭᠡ ᠶᠢ ᠬᠠᠪᠰᠤᠷᠤᠨ ᠲᠠᠯᠪᠢᠵᠤ᠂ ᠭᠤᠭᠴᠤᠭ᠎ᠠ ᠨᠢᠭᠡᠪᠦᠷᠢ᠂ ᠨᠠᠷᠢᠨ ᠵᠦᠢᠯᠡᠰ ᠳᠡᠭᠡᠷ᠎ᠡ ᠬᠦᠴᠦ ᠣᠷᠣᠭᠤᠯᠵᠤ᠂ ᠪᠠᠭ᠎ᠠ | ᠭᠠᠵᠠᠷ ᠲᠤ ᠠᠵᠢᠯ ᠢ ᠣᠯᠵᠤ ᠬᠠᠷᠠᠨ᠂ ᠨᠠᠷᠢᠨ ᠭᠠᠵᠠᠷ ᠲᠤ ᠬᠢᠷᠢ ᠲᠦᠪᠰᠢᠨ ᠢ ᠳᠡᠭᠡᠭᠰᠢᠯᠡᠭᠦᠯᠵᠦ᠂ | ᠨᠠᠷᠢᠯᠢᠭᠵᠢᠭᠤᠯᠤᠯᠲᠠ ᠶᠢ ᠥᠨᠴᠥᠭ ᠪᠤᠯᠤᠩ ᠨᠢᠭᠡᠪᠦᠷᠢ ᠳᠤ ᠨᠡᠪᠴᠢᠭᠦᠯᠦᠨ᠎ᠡ᠃ ᠨᠠᠷᠢᠯᠢᠭ ᠠᠵᠢᠯ ᠢᠶᠠᠷ ᠳᠠᠮᠵᠢᠭᠤᠯᠤᠨ | ᠬᠠᠷᠢᠶᠠᠲᠤ ᠣᠷᠣᠨ ᠤ ᠣᠷᠴᠢᠨ ᠲᠣᠭᠤᠷᠢᠨ ᠤ ᠡᠷᠡᠭᠦᠯ ᠬᠠᠮᠠᠭᠠᠯᠠᠯ ᠤᠨ ᠶᠠᠰᠤ ᠴᠢᠨᠠᠷ ᠢ ᠪᠥᠬᠦ ᠲᠠᠯ᠎ᠠ ᠪᠠᠷ | ᠳᠡᠭᠡᠭᠰᠢᠯᠡᠭᠦᠯᠦᠨ᠎ᠡ᠃ | ᠪᠦᠬᠦ ᠲᠠᠯ᠎ᠠ ᠵᠢᠨᠨᠠᠷᠢᠯᠢᠭᠵᠢᠭᠤᠯᠤᠭᠰᠠᠨ ᠬᠠᠮᠢᠶᠠᠷᠤᠯᠲᠠ ᠶᠢᠨ ᠪᠠᠷᠢᠮᠵᠢᠶ᠎ᠠ ᠶᠣᠰᠣᠭᠠᠷ᠂ ᠤᠯᠠᠭ᠎ᠠ ᠥᠷᠲᠡᠭᠡ | ᠵᠢᠴᠢ ᠨᠡᠶᠢᠲᠡ ᠶᠢᠨ ᠵᠣᠷᠯᠣᠩ ᠢ ᠬᠠᠮᠢᠶᠠᠷᠬᠤ ᠡᠷᠴᠢᠮ ᠢᠶᠠᠨ ᠴᠢᠩᠭᠠᠳᠬᠠᠬᠤ ᠶᠢᠨ ᠬᠠᠮᠲᠤ᠂ ᠰᠡᠷᠭᠡᠶᠢᠯᠡᠬᠦ ᠪᠠᠷ ᠭᠤᠣᠯ | ᠪᠣᠯᠭᠠᠬᠤ ᠶᠢ ᠪᠠᠷᠢᠮᠲᠠᠯᠠᠵᠤ᠂ ᠡᠪᠡᠳᠴᠢᠨ ᠤ ᠵᠠᠭᠤᠴᠢ ᠠᠮᠢᠳᠤ ᠪᠣᠳᠠᠰ ᠤᠨ ᠦᠷᠡᠵᠢᠬᠦ ᠭᠤᠣᠯᠳᠠᠯᠭ᠎ᠠ ᠲᠠᠢ ᠲᠠᠯᠠᠪᠤᠷ ᠪᠠ | ᠣᠷᠣᠨ ᠪᠠᠶᠢᠷᠢ ᠶᠢ ᠪᠥᠬᠦ ᠲᠠᠯ᠎ᠠ ᠪᠠᠷ ᠵᠢᠭᠰᠠᠭᠠᠨ ᠪᠠᠶᠢᠴᠠᠭᠠᠵᠤ᠂ ᠡᠪᠡᠳᠴᠢᠨ ᠤ ᠵᠠᠭᠤᠴᠢ ᠠᠮᠢᠳᠤ ᠪᠣᠳᠠᠰ ᠤᠨ | ᠰᠡᠷᠭᠡᠶᠢᠯᠡᠨ ᠵᠠᠰᠠᠬᠤ ᠠᠵᠢᠯ ᠢ ᠥᠷᠨᠢᠭᠦᠯᠵᠦ᠂ ᠡᠪᠡᠳᠴᠢᠨ ᠤ ᠵᠠᠭᠤᠴᠢ ᠠᠮᠢᠳᠤ ᠪᠣᠳᠠᠰ ᠤᠨ ᠨᠢᠭᠲᠠᠴᠠ ᠶᠢ | ᠪᠠᠭᠤᠷᠠᠭᠤᠯᠵᠤ᠂ ᠵᠠᠭᠤᠴᠢᠯᠠᠭᠤᠷ ᠤᠨ ᠡᠪᠡᠳᠴᠢᠨ ᠡᠮᠭᠡᠭ ᠢ ᠪᠦᠲᠦᠮᠵᠢᠲᠡᠶ ᠤᠷᠢᠳᠴᠢᠯᠠᠨ ᠰᠡᠷᠭᠡᠶᠢᠯᠡᠨ᠎ᠡ᠃ | ᠠᠵᠢᠯᠯᠠᠬᠤ ᠪᠠᠷᠢᠮᠵᠢᠶ᠎ᠠ ᠶᠢ ᠴᠢᠩᠭᠠᠷᠠᠭᠤᠯᠵᠤ᠂ ︽ᠬᠥᠮᠥᠨ ᠪᠠ ᠮᠠᠰᠢᠨ ᠢ ᠤᠶᠠᠯᠳᠤᠭᠤᠯᠬᠤ︾ ᠠᠷᠭ᠎ᠠ ᠮᠠᠶ᠋ᠢᠭ ᠢ | ᠠᠪᠴᠤ᠂ ᠮᠠᠰᠢᠨᠴᠢᠯᠠᠭᠰᠠᠨ ᠠᠵᠢᠯᠯᠠᠭᠠᠨ ᠤ ᠵᠠᠭᠪᠤᠷ ᠤᠨ ᠰᠢᠨ᠎ᠡ ᠶᠢ ᠡᠭᠦᠳᠴᠦ᠂ ᠬᠠᠮᠲᠤᠷᠠᠨ ᠠᠵᠢᠯᠯᠠᠬᠤ ᠴᠤᠪᠤᠷᠠᠯ ᠢ | ᠪᠠᠶᠢᠭᠤᠯᠤᠨ᠂ ᠮᠠᠰᠢᠨ ᠢᠶᠠᠷ ᠴᠡᠪᠡᠷᠯᠡᠬᠦ ᠠᠵᠢᠯ ᠤᠨ ᠴᠠᠭ ᠢ ᠲᠣᠬᠢᠷᠠᠭᠤᠯᠵᠤ᠂ ︽ᠣᠷᠭᠢᠯ ᠤᠨ ᠬᠤᠭᠤᠴᠠᠭ᠎ᠠ ᠶᠢ | ᠥᠩᠭᠡᠷᠡᠬᠦ᠂ ᠪᠣᠯᠪᠠᠰᠤᠨ ᠢᠶᠠᠷ ᠠᠵᠢᠯᠯᠠᠬᠤ᠂ ᠵᠢᠷᠤᠮᠵᠢᠯ ᠲᠠᠢ ᠠᠵᠢᠯᠯᠠᠬᠤ︾ ᠶᠢ ᠪᠡᠶᠡᠯᠡᠭᠦᠯᠵᠦ᠂ ᠭᠤᠣᠯ ᠵᠠᠮ ᠤᠨ | ᠭᠠᠳᠠᠷᠭᠤ ᠶᠢ ︽ᠠᠷᠪᠠ ᠶᠢ ᠴᠡᠪᠡᠷᠰᠢᠭᠦᠯᠵᠦ ᠠᠷᠪᠠᠨ ᠦᠭᠡᠢ︾᠂ ᠳᠡᠳ᠋ ᠭᠤᠣᠯ ᠵᠠᠮ ᠤᠨ ᠭᠠᠳᠠᠷᠭᠤ ᠶᠢ ︽ᠳᠣᠯᠤᠭ᠎ᠠ ᠶᠢ | ᠴᠡᠪᠡᠷᠰᠢᠭᠦᠯᠵᠦ ᠲᠠᠪᠤᠨ ᠦᠭᠡᠢ︾ ᠳᠤ ᠬᠦᠷᠦᠭᠦᠯᠵᠦ᠂ ᠬᠥᠳᠡᠭᠡ ᠲᠣᠰᠬᠤᠨ ᠤ ᠵᠠᠮ ᠨᠢ ︽ᠭᠤᠷᠪᠠ ᠶᠢ ᠴᠡᠪᠡᠷᠰᠢᠭᠦᠯᠵᠦ | ᠬᠤᠶᠠᠷ ᠢ ᠦᠭᠡᠢ ᠨᠢᠭᠡ ᠪᠠᠶᠢᠬᠤ︾ ᠠᠵᠢᠯᠯᠠᠬᠤ ᠪᠠᠷᠢᠮᠵᠢᠶ᠎ᠠ ᠳᠤ ᠬᠦᠷᠭᠡᠬᠦ ᠬᠡᠷᠡᠭᠲᠡᠢ᠃ | ᠨᠠᠷᠢᠯᠢᠭᠵᠢᠭᠤᠯᠤᠭᠰᠠᠨ ᠬᠠᠮᠢᠶᠠᠷᠤᠯᠲᠠ ᠶᠢᠨ ᠪᠠᠷᠢᠮᠵᠢᠶ᠎ᠠ ᠶᠣᠰᠣᠭᠠᠷ᠂ ᠤᠯᠠᠭ᠎ᠠ ᠥᠷᠲᠡᠭᠡ ᠵᠢᠴᠢ ᠨᠡᠶᠢᠲᠡ ᠶᠢᠨ | ᠵᠣᠷᠯᠣᠩ ᠢ ᠬᠠᠮᠢᠶᠠᠷᠬᠤ ᠡᠷᠴᠢᠮ ᠢᠶᠠᠨ ᠴᠢᠩᠭᠠᠳᠬᠠᠬᠤ ᠶᠢᠨ ᠬᠠᠮᠲᠤ᠂ ᠰᠡᠷᠭᠡᠶᠢᠯᠡᠬᠦ ᠪᠠᠷ ᠭᠤᠣᠯ ᠪᠣᠯᠭᠠᠬᠤ ᠶᠢ | ᠪᠠᠷᠢᠮᠲᠠᠯᠠᠵᠤ᠂ ᠡᠪᠡᠳᠴᠢᠨ ᠤ ᠵᠠᠭᠤᠴᠢ ᠠᠮᠢᠳᠤ ᠪᠣᠳᠠᠰ ᠤᠨ ᠦᠷᠡᠵᠢᠬᠦ ᠭᠤᠣᠯᠳᠠᠯᠭ᠎ᠠ ᠲᠠᠢ ᠲᠠᠯᠠᠪᠤᠷ ᠪᠠ ᠣᠷᠣᠨ | ᠪᠠᠶᠢᠷᠢ ᠶᠢ ᠪᠥᠬᠦ ᠲᠠᠯ᠎ᠠ ᠪᠠᠷ ᠵᠢᠭᠰᠠᠭᠠᠨ ᠪᠠᠶᠢᠴᠠᠭᠠᠵᠤ᠂ ᠡᠪᠡᠳᠴᠢᠨ ᠤ ᠵᠠᠭᠤᠴᠢ ᠠᠮᠢᠳᠤ ᠪᠣᠳᠠᠰ ᠤᠨ ᠰᠡᠷᠭᠡᠶᠢᠯᠡᠨ | ᠵᠠᠰᠠᠬᠤ ᠠᠵᠢᠯ ᠢ ᠥᠷᠨᠢᠭᠦᠯᠵᠦ᠂ ᠡᠪᠡᠳᠴᠢᠨ ᠤ ᠵᠠᠭᠤᠴᠢ ᠠᠮᠢᠳᠤ ᠪᠣᠳᠠᠰ ᠤᠨ ᠨᠢᠭᠲᠠᠴᠠ ᠶᠢ ᠪᠠᠭᠤᠷᠠᠭᠤᠯᠵᠤ᠂ | ᠵᠠᠭᠤᠴᠢᠯᠠᠭᠤᠷ ᠤᠨ ᠡᠪᠡᠳᠴᠢᠨ ᠡᠮᠭᠡᠭ ᠢ ᠪᠦᠲᠦᠮᠵᠢᠲᠡᠶ ᠤᠷᠢᠳᠴᠢᠯᠠᠨ ᠰᠡᠷᠭᠡᠶᠢᠯᠡᠨ᠎ᠡ᠃ | ᠠᠵᠢᠯ ᠤᠨ ᠲᠣᠭᠲᠠᠴᠠ ᠪᠠᠨ ᠲᠠᠰᠤᠷᠠᠯᠲᠠ ᠦᠭᠡᠢ ᠴᠢᠩᠭᠠᠷᠠᠭᠤᠯᠤᠨ᠂ ᠴᠡᠪᠡᠷᠯᠡᠨ ᠲᠡᠭᠡᠭᠡᠪᠦᠷᠢᠯᠡᠬᠦ ᠠᠵᠢᠯ ᠢ | ᠪᠥᠬᠦ ᠬᠦᠴᠦᠨ ᠢᠶᠠᠷ ᠢᠶᠠᠨ ᠰᠠᠶᠢᠲᠤᠷ ᠬᠢᠵᠦ᠂ ᠬᠠᠷᠢᠶ᠎ᠠ ᠪᠦᠬᠦᠢ ᠣᠯᠠᠨ ᠨᠡᠶᠢᠲᠡ ᠶᠢᠨ ᠠᠷᠢᠭᠤᠨ ᠴᠡᠪᠡᠷ ᠤᠨ | ᠲᠠᠰᠤᠯᠭ᠎ᠠ ᠶᠢᠨ ᠪᠣᠳᠠᠲᠠᠢ ᠪᠠᠶᠢᠳᠠᠯ ᠤᠨ ᠶᠣᠰᠣᠭᠠᠷ ᠬᠡᠰᠡᠭ ᠬᠤᠪᠢᠶᠠᠨ ᠪᠣᠬᠢᠷᠲᠤᠯ ᠢ ᠰᠤᠷᠴᠤ᠂ ᠬᠠᠷᠢᠭᠤᠴᠠᠯᠭ᠎ᠠ ᠶᠢ | ᠬᠥᠮᠥᠨ ᠳᠤ ᠨᠠᠶᠢᠳᠠᠪᠤᠷᠢᠵᠢᠭᠤᠯᠤᠨ᠂ ᠡᠳᠦᠷ ᠪᠦᠷᠢ ᠲᠣᠭᠲᠠᠭᠰᠠᠨ ᠴᠠᠭ ᠲᠤ ᠪᠣᠬᠢᠷᠲᠤᠯ ᠢ ᠰᠤᠷᠴᠤ᠂ ᠴᠡᠭ ᠲᠣᠭᠲᠠᠭᠠᠨ | ᠪᠣᠬᠢᠷᠲᠤᠯ ᠭᠠᠳᠠᠭᠰᠢᠯᠠᠭᠤᠯᠤᠨ᠎ᠠ᠃ ᠥᠨᠥᠳᠥᠷ ᠨᠡᠶᠢᠲᠡ 30 ᠨᠡᠶᠢᠲᠡ ᠶᠢᠨ ᠵᠣᠷᠯᠣᠩ ᠢ ᠴᠡᠪᠡᠷᠯᠡᠨ ᠭᠠᠷᠭᠠᠵᠤ᠂ 30 | ᠲᠡᠷᠭᠡ ᠲᠠᠲᠠᠵᠤ᠂ 200 ᠲᠤᠨ ᠪᠦᠵᠢᠷ ᠪᠣᠬᠢᠷ ᠢ ᠲᠠᠲᠠᠪᠠ᠃ | | | | | | | | | | | | | | | ᠢᠷᠡᠯᠲᠡ᠄ ᠬᠤᠲᠣᠩ ᠠᠷᠠᠳ ᠤᠨ ᠲᠣᠭᠤᠷᠢᠭ ᠤᠨ ᠵᠠᠰᠠᠭ ᠤᠨ ᠣᠷᠳᠣᠨ ᠤ ᠠᠯᠪᠠᠨ ᠰᠦᠯᠵᠢᠶ᠎ᠡ | | |