ᠰᠢᠨᠬᠤᠸᠠ ᠬᠤᠷᠢᠶ᠎ᠠ ᠶᠢᠨ ᠪᠡᠭᠡᠵᠢᠩ ᠤᠨ 1 ᠰᠠᠷ᠎ᠠ ᠶᠢᠨ 9 ᠤ ᠴᠠᠭᠢᠯᠭᠠᠨ ᠮᠡᠳᠡᠭᠡ ᠲᠥᠪᠡᠳ ᠤᠨ ᠰᠢᠭᠠᠽᠧ | ᠬᠤᠳᠠ ᠶᠢᠨ ᠲᠢᠩᠷᠢ ᠰᠢᠶᠠᠨ ᠳᠤ ᠭᠠᠵᠠᠷ ᠬᠥᠳᠡᠯᠦᠭᠰᠡᠨ ᠠᠴᠠ ᠨᠠᠭᠠᠰᠢ᠂ ᠤᠯᠠᠨ ᠤᠯᠤᠰ ᠤᠨ ᠤᠳᠤᠷᠢᠳᠬᠤ ᠬᠥᠮᠥᠨ | ᠪᠣᠯᠣᠨ ᠤᠯᠠᠨ ᠤᠯᠤᠰ ᠤᠨ ᠵᠣᠬᠢᠶᠠᠨ ᠪᠠᠶᠢᠭᠤᠯᠤᠯᠲᠠ ᠶᠢᠨ ᠬᠠᠷᠢᠭᠤᠴᠠᠯᠭᠠᠲᠠᠨ ᠤᠯᠤᠰ ᠤᠨ ᠲᠡᠷᠢᠭᠦᠯᠡᠭᠴᠢ ᠰᠢ ᠶᠢᠨ | ᠫᠢᠩ ᠳᠤ ᠴᠠᠭᠢᠯᠭᠠᠨ ᠴᠢᠮᠡᠭᠡ ︵ᠵᠠᠬᠢᠳᠠᠯ︶ ᠢᠷᠡᠭᠦᠯᠦᠭᠰᠡᠨ ᠪᠤᠶᠤ ᠪᠤᠰᠤᠳ ᠭᠡᠯᠪᠡᠷᠢ ᠪᠠᠷ ᠴᠢᠩ ᠰᠡᠳᠬᠢᠯ ᠠᠴᠠ ᠪᠠᠨ | ᠲᠣᠬᠤᠨᠢᠭᠤᠯᠵᠤ ᠪᠠᠶᠢᠬᠤ ᠪᠠᠨ ᠢᠯᠡᠳᠬᠡᠪᠡ᠃ ᠲᠡᠳᠡ ᠪᠣᠯ᠄ | ᠣᠷᠣᠰ ᠤᠨ ᠶᠡᠷᠦᠩᠬᠡᠶᠢᠯᠡᠭᠴᠢ ᠫᠦᠲ᠋ᠢᠨ᠂ ᠸᠢᠶᠧᠲᠨᠠᠮ ᠤᠨ ᠡᠪ ᠬᠠᠮᠲᠤ ᠨᠠᠮ ᠤᠨ ᠲᠥᠪ ᠬᠤᠷᠢᠶ᠎ᠠ ᠶᠢᠨ ᠶᠡᠷᠦᠩᠬᠡᠢ | ᠱᠦᠵᠢ ᠰᠦ᠋ ᠯᠢᠨ᠂ ᠸᠢᠶᠧᠲᠨᠠᠮ ᠤᠨ ᠤᠯᠤᠰ ᠤᠨ ᠲᠡᠷᠢᠭᠦᠯᠡᠭᠴᠢ ᠯᠢᠶᠠᠩ ᠴᠢᠶᠠᠩ᠂ ᠯᠠᠤᠰ ᠤᠨ ᠠᠷᠠᠳ ᠤᠨ ᠬᠤᠪᠢᠰᠬᠠᠯᠲᠤ | ᠨᠠᠮ ᠤᠨ ᠲᠥᠪ ᠬᠤᠷᠢᠶ᠎ᠠ ᠶᠢᠨ ᠶᠡᠷᠦᠩᠬᠡᠢ ᠱᠦᠵᠢ᠂ ᠤᠯᠤᠰ ᠤᠨ ᠲᠡᠷᠢᠭᠦᠯᠡᠭᠴᠢ ᠲᠦᠩᠯᠦ᠋ᠨ᠂ ᠺᠦᠪᠡ ᠶᠢᠨ ᠡᠪ ᠬᠠᠮᠲᠤ | ᠨᠠᠮ ᠤᠨ ᠲᠥᠪ ᠬᠤᠷᠢᠶ᠎ᠠ ᠶᠢᠨ ᠨᠢᠭᠡᠳᠦᠭᠡᠷ ᠱᠦᠵᠢ᠂ ᠺᠦᠪᠡ ᠶᠢᠨ ᠤᠯᠤᠰ ᠤᠨ ᠲᠡᠷᠢᠭᠦᠯᠡᠭᠴᠢ ᠳ᠋ᠢᠶᠠᠰ - ᠺᠠᠨᠧᠶᠢᠷ᠂ | ᠪᠧᠯᠤᠷᠦ᠋ᠰᠢᠶ᠎ᠠ ᠶᠢᠨ ᠶᠡᠷᠦᠩᠬᠡᠶᠢᠯᠡᠭᠴᠢ ᠯᠦᠺᠡᠱᠧᠨᠺᠧ᠂ ᠺᠠᠽᠠᠬᠰᠲ᠋ᠠᠨ ᠤ ᠶᠡᠷᠦᠩᠬᠡᠶᠢᠯᠡᠭᠴᠢ ᠲᠦᠸᠧᠺᠡᠶᠧᠹ᠂ | ᠺᠢᠷᠭᠢᠽᠰᠲ᠋ᠠᠨ ᠤ ᠶᠡᠷᠦᠩᠬᠡᠶᠢᠯᠡᠭᠴᠢ ᠵᠠᠫᠠᠯᠤᠹ᠂ ᠲᠠᠵᠢᠺᠰᠲ᠋ᠠᠨ ᠤ ᠶᠡᠷᠦᠩᠬᠡᠶᠢᠯᠡᠭᠴᠢ ᠯᠠᡁᠧᠮᠧᠩ᠂ ᠲᠦᠷᠺᠮᠧᠨ᠋ᠰᠲ᠋ᠠᠨ ᠤ | ᠶᠡᠷᠦᠩᠬᠡᠶᠢᠯᠡᠭᠴᠢ ᠰᠢᠶᠧᠷᠳᠡᠷ · ᠪᠧᠷᠳᠢᠮᠦ᠋ᠬᠠᠮᠧᠳᠤᠹ᠂ ᠦᠽᠪᠧᠺᠰᠲ᠋ᠠᠨ ᠤ ᠶᠡᠷᠦᠩᠬᠡᠶᠢᠯᠡᠭᠴᠢ ᠮᠢᠷᠵᠢᠶᠤᠤᠶᠧᠹ᠂ | ᠠᠽᠧᠷᠪᠠᠶᠢᠵᠠᠨ ᠤ ᠶᠡᠷᠦᠩᠬᠡᠶᠢᠯᠡᠭᠴᠢ ᠠᠯᠢᠶᠧᠹ᠂ ᠠᠷᠮᠧᠨᠢᠶ᠎ᠠ ᠶᠢᠨ ᠶᠡᠷᠦᠩᠬᠡᠶᠢᠯᠡᠭᠴᠢ ᠺᠠᠴᠠᠲ᠋ᠦ᠋ᠷᠢᠶᠠ᠂ ᠫᠠᠺᠢᠰᠲ᠋ᠠᠨ ᠤ | ᠶᠡᠷᠦᠩᠬᠡᠶᠢᠯᠡᠭᠴᠢ ᠵᠠᠷᠳᠠᠯᠢ᠂ ᠮᠠᠯᠳᠠᠶᠢᠹ ᠤᠨ ᠶᠡᠷᠦᠩᠬᠡᠶᠢᠯᠡᠭᠴᠢ ᠮᠦᠶ᠋ᠢᠽᠢ᠂ ᠨᠧᠫᠠᠯ ᠤᠨ ᠶᠡᠷᠦᠩᠬᠡᠶᠢᠯᠡᠭᠴᠢ ᠪᠤᠤᠳᠧᠷ᠂ | ᠪᠷᠦ᠋ᠨ᠋ᠸᠢ ᠶᠢᠨ ᠰᠦᠳᠠᠨ ᠬᠠᠰᠠᠩᠨᠠᠷ᠂ ᠪᠦᠲ᠋ᠠᠨ ᠤ ᠳᠥᠷᠪᠡᠳᠦᠭᠡᠷ ᠦᠶ᠎ᠡ ᠶᠢᠨ ᠤᠯᠤᠰ ᠤᠨ ᠸᠠᠩ ᠸᠠᠩᠴᠦ᠋ᠺ᠂ ᠰᠠᠦ᠋ᠳᠢ | ᠠᠷᠠᠪ ᠤᠨ ᠤᠯᠤᠰ ᠤᠨ ᠸᠠᠩ ᠰᠠᠯᠧᠮᠠᠨ᠂ ᠸᠠᠩ ᠤᠨ ᠵᠠᠯᠭᠠᠮᠵᠢᠯᠠᠭᠴᠢ ᠪᠥᠭᠡᠳ ᠲᠡᠷᠢᠭᠦᠨ ᠰᠠᠶᠢᠳ ᠮᠦᠬᠠᠮᠦ᠋ᠳ᠋᠂ ᠺᠠᠲ᠋ᠠᠷ ᠤᠨ | ᠠᠶᠢᠮᠢᠷ ᠲᠠᠮᠢᠮᠦ᠋᠂ ᠺᠦᠸᠠᠶᠢᠲ ᠤᠨ ᠠᠶᠢᠮᠢᠷ ᠮᠢᠱᠠᠯᠧ᠂ ᠢᠷᠠᠨ ᠤ ᠶᠡᠷᠦᠩᠬᠡᠶᠢᠯᠡᠭᠴᠢ ᠫᠧᠶᠢᠽᠠᠰᠢᠶᠠᠩ᠂ ᠤᠮᠠᠨ ᠤ ᠰᠦᠳᠠᠨ | ᠬᠠᠶᠢᠰᠠᠶᠢᠮ᠂ ᠶᠧᠮᠧᠨ ᠤ ᠶᠡᠷᠦᠩᠬᠡᠶᠢᠯᠡᠭᠴᠢ ᠶᠢᠨ ᠤᠳᠤᠷᠢᠳᠬᠤ ᠵᠥᠪᠯᠡᠯ ᠤᠨ ᠲᠡᠷᠢᠭᠦᠯᠡᠭᠴᠢ ᠠᠯᠢᠮᠢ᠂ ᠴᠠᠳ᠋ ᠤᠨ | ᠶᠡᠷᠦᠩᠬᠡᠶᠢᠯᠡᠭᠴᠢ ᠮᠤᠬᠠᠮᠦ᠋ᠳ᠋᠂ ᠳᠤᠮᠳᠠᠳᠤ ᠠᠹᠷᠢᠺᠠ ᠶᠢᠨ ᠶᠡᠷᠦᠩᠬᠡᠶᠢᠯᠡᠭᠴᠢ ᠲᠦᠸᠠᠳᠧᠯᠠ᠂ ᠰᠧᠶᠢᠱᠧᠯ ᠤᠨ | ᠶᠡᠷᠦᠩᠬᠡᠶᠢᠯᠡᠭᠴᠢ ᠯᠠᠮᠦᠺᠡᠯᠠᠸᠠᠩ᠂ ᠸᠧᠷᠳ᠋ ᠬᠤᠱᠣᠣ ᠶᠢᠨ ᠶᠡᠷᠦᠩᠬᠡᠶᠢᠯᠡᠭᠴᠢ ᠨᠸᠧᠶᠢᠰ᠂ ᠽᠠᠮᠪᠢᠶ᠎ᠠ ᠶᠢᠨ ᠶᠡᠷᠦᠩᠬᠡᠶᠢᠯᠡᠭᠴᠢ | ᠰᠢᠴᠢᠯᠠᠶᠢᠮᠠ᠂ ᠹᠷᠠᠨᠼᠢ ᠶᠢᠨ ᠶᠡᠷᠦᠩᠬᠡᠶᠢᠯᠡᠭᠴᠢ ᠮᠠᠺᠷᠤᠨ᠂ ᠢᠰᠫᠠᠨᠢ ᠶᠢᠨ ᠤᠯᠤᠰ ᠤᠨ ᠸᠠᠩ ᠹᠢᠯᠢᠫᠸᠢ ᠵᠢᠷᠭᠤᠳᠤᠭᠠᠷ᠂ | ᠹᠢᠨᠯᠠᠨᠳ᠋ ᠤᠨ ᠶᠡᠷᠦᠩᠬᠡᠶᠢᠯᠡᠭᠴᠢ ᠰᠲ᠋ᠦ᠋ᠪ᠂ ᠢᠲ᠋ᠠᠯᠢ ᠶᠢᠨ ᠶᠡᠷᠦᠩᠬᠡᠶᠢᠯᠡᠭᠴᠢ ᠮᠠᠲ᠋ᠠᠯᠧᠶᠢᠯᠠ᠂ ᠰᠧᠷᠪᠢᠶ᠎ᠠ ᠶᠢᠨ ᠶᠡᠷᠦᠩᠬᠡᠶᠢᠯᠡᠭᠴᠢ | ᠥᠴᠢᠴᠢ᠂ ᠪᠤᠰᠨᠢᠶ᠎ᠠ - ᠾᠧᠷᠽᠧᠭᠤᠸᠢᠨᠠ ᠶᠢᠨ ᠲᠡᠷᠢᠭᠦᠯᠡᠭᠴᠢᠳ ᠤᠨ ᠪᠦᠯᠭᠦᠮ ᠤᠨ ᠵᠢᠵᠢᠭᠦᠷ ᠲᠡᠷᠢᠭᠦᠯᠡᠭᠴᠢ | ᠼᠸᠢᠶᠠᠨᠤᠸᠢᠴᠢ᠂ ᠰᠠᠯᠸᠠᠳᠤᠷ ᠤᠨ ᠶᠡᠷᠦᠩᠬᠡᠶᠢᠯᠡᠭᠴᠢ ᠪᠦᠺᠧᠷ᠂ ᠨᠢᠺᠡᠷᠠᠭᠤᠸᠠ ᠶᠢᠨ ᠶᠡᠷᠦᠩᠬᠡᠶᠢᠯᠡᠭᠴᠢ ᠤᠷᠲ᠋ᠤᠭ᠎ᠠ᠂ ᠶᠠᠫᠤᠨ ᠤ | ᠲᠡᠷᠢᠭᠦᠨ ᠰᠠᠶᠢᠳ ᠢᠰᠢᠪᠠ ᠰᠢᠭᠡᠷᠤ᠋᠂ ᠺᠤᠷᠢᠶᠠ ᠶᠢᠨ ᠣᠷᠣᠯᠠᠭᠴᠢ ᠶᠡᠷᠦᠩᠬᠡᠶᠢᠯᠡᠭᠴᠢ ᠼᠦᠢ ᠰᠢᠶᠠᠩ ᠮᠦ᠂ ᠫᠠᠺᠢᠰᠲ᠋ᠠᠨ ᠤ | ᠶᠡᠷᠦᠩᠬᠡᠢ ᠰᠠᠶᠢᠳ ᠰᠢᠶᠠᠪᠠᠽᠢ᠂ ᠣᠯᠠᠨ ᠤᠯᠤᠰ ᠤᠨ ᠬᠤᠯᠪᠣᠭᠠᠲᠤ ᠪᠠᠶᠢᠭᠤᠯᠭ᠎ᠠ ᠶᠢᠨ ᠨᠠᠷᠢᠨ ᠪᠢᠴᠢᠭ ᠤᠨ ᠳᠠᠷᠤᠭ᠎ᠠ | ᠭᠦᠲ᠋ᠧᠯᠧᠶᠢᠰ᠂ ᠱᠠᠩᠬᠠᠢ ᠶᠢᠨ ᠬᠠᠮᠲᠤᠷᠠᠯᠴᠠᠭᠠᠨ ᠤ ᠵᠣᠬᠢᠶᠠᠨ ᠪᠠᠶᠢᠭᠤᠯᠤᠯᠲᠠ ᠶᠢᠨ ᠨᠠᠷᠢᠨ ᠪᠢᠴᠢᠭ ᠤᠨ ᠳᠠᠷᠤᠭ᠎ᠠ | ᠶᠧᠷᠮᠧᠶᠢᠺᠪᠠᠶᠧᠹ ᠨᠠᠷ ᠪᠤᠢ᠃ | ᠭᠠᠳᠠᠭᠠᠳᠤ ᠶᠢᠨ ᠲᠠᠯ᠎ᠠ ᠶᠢᠨ ᠤᠳᠤᠷᠢᠳᠬᠤ ᠬᠥᠮᠥᠰ ᠭᠠᠵᠠᠷ ᠬᠥᠳᠡᠯᠦᠯᠲᠡ ᠠᠴᠠ ᠪᠣᠯᠤᠭᠰᠠᠨ ᠬᠥᠮᠥᠨ ᠬᠠᠷ᠎ᠠ ᠶᠢᠨ | ᠬᠦᠨᠳᠦ ᠶᠡᠭᠡ ᠠᠳᠡᠵᠦ ᠰᠢᠷᠬᠠᠲᠤᠭᠰᠠᠨ ᠪᠠ ᠡᠳ᠋ ᠬᠥᠷᠥᠩᠭᠡ ᠶᠢᠨ ᠬᠤᠬᠢᠷᠠᠯ ᠳᠤ ᠤᠴᠠᠷᠠᠭᠰᠠᠨ ᠢ ᠭᠠᠰᠢᠭᠤᠳᠠᠵᠤ ᠪᠠᠶᠢᠬᠤ | ᠪᠠ ᠲᠣᠬᠤᠨᠢᠭᠤᠯᠵᠤ᠂ ᠳᠤᠮᠳᠠᠳᠤ ᠤᠯᠤᠰ ᠤᠨ ᠵᠠᠰᠠᠭ ᠤᠨ ᠣᠷᠳᠣᠨ ᠤ ᠳᠠᠷᠤᠢ ᠲᠦᠷᠭᠡᠨ ᠬᠦᠴᠦᠲᠡᠢ ᠠᠪᠤᠷᠠᠨ ᠲᠤᠰᠠᠯᠠᠬᠤ | ᠠᠵᠢᠯᠯᠠᠭ᠎ᠠ ᠠᠪᠤᠭᠰᠠᠨ ᠢ ᠳᠡᠭᠡᠳᠦ ᠬᠡᠮᠵᠢᠶ᠎ᠡ ᠪᠠᠷ ᠦᠨᠡᠯᠡᠵᠦ᠂ ᠳᠤᠮᠳᠠᠳᠤ ᠤᠯᠤᠰ ᠤᠨ ᠡᠪ ᠬᠠᠮᠲᠤ ᠨᠠᠮ ᠤᠨ ᠪᠠᠲᠤ ᠴᠢᠩᠭ᠎ᠠ | ᠤᠳᠤᠷᠢᠳᠤᠯᠭ᠎ᠠ ᠳᠣᠣᠷ᠎ᠠ᠂ ᠭᠠᠮᠰᠢᠭᠳᠠᠭᠰᠠᠨ ᠣᠷᠣᠨ ᠤ ᠠᠷᠠᠳ ᠲᠦᠮᠡᠨ ᠯᠠᠪᠲᠠᠢ ᠭᠠᠮᠰᠢᠭ ᠢ ᠢᠯᠡᠨ ᠳᠠᠪᠠᠵᠤ᠂ ᠭᠡᠷ | ᠣᠷᠣᠨ ᠢᠶᠠᠨ ᠳᠠᠭᠢᠨ ᠪᠦᠲᠦᠭᠡᠨ ᠪᠠᠶᠢᠭᠤᠯᠵᠤ ᠴᠢᠳᠠᠨ᠎ᠠ ᠭᠡᠳᠡᠭ ᠢ ᠢᠲᠡᠭᠡᠵᠦ ᠪᠠᠶᠢᠨ᠎ᠠ ᠭᠡᠵᠦ ᠢᠯᠡᠳᠬᠡᠪᠡ᠃ |