3.15 ᠤ ᠣᠯᠠᠨ ᠤᠯᠤᠰ ᠤᠨ ᠬᠡᠷᠡᠭᠯᠡᠭᠴᠢᠳ ᠦᠨ ᠡᠷᠬᠡ ᠠᠰᠢᠭ ᠤᠨ ᠡᠳᠦᠷ ᠬᠦᠷᠴᠦ ᠢᠷᠡᠬᠦ | ᠲᠠᠰᠢᠷᠠᠮ ᠢᠶᠠᠷ᠂ ᠡᠯ᠎ᠡ ᠲᠥᠷᠥᠯ ᠦᠨ ᠬᠡᠷᠡᠭᠯᠡᠭᠡᠨ ᠤ ᠳᠠᠯᠳᠠ ᠭᠡᠮ ᠢ ᠪᠦᠬᠦ ᠲᠠᠯ᠎ᠠ ᠪᠠᠷ ᠵᠢᠭᠰᠠᠭᠠᠨ ᠪᠠᠶᠢᠴᠠᠭᠠᠵᠤ᠂ | ᠦᠨᠡᠨᠴᠢ ᠢᠲᠡᠭᠡᠮᠵᠢᠲᠡᠢ ᠡᠮᠬᠢ ᠵᠢᠷᠤᠮ ᠲᠠᠢ ᠵᠠᠬ᠎ᠠ ᠳᠡᠯᠭᠡᠭᠦᠷ ᠦᠨ ᠣᠷᠴᠢᠨ ᠲᠣᠭᠤᠷᠢᠨ ᠢ ᠪᠣᠢ ᠪᠣᠯᠭᠠᠬᠤ ᠶᠢᠨ | ᠲᠤᠰᠠᠳᠠ᠂ ᠬᠤᠲᠣᠩ ᠠᠷᠠᠳ ᠤᠨ ᠲᠣᠭᠤᠷᠢᠭ ᠤᠨ ᠵᠠᠬ᠎ᠠ ᠳᠡᠯᠭᠡᠭᠦᠷ ᠦᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ | ᠢᠳᠡᠪᠬᠢᠲᠡᠢ ᠬᠥᠳᠡᠯᠦᠯᠴᠡᠵᠦ᠂ ᠬᠠᠷᠢᠶᠠᠲᠤ ᠣᠷᠣᠨ ᠳᠠᠬᠢ ᠡᠯ᠎ᠡ ᠲᠣᠮᠣ ᠬᠡᠳᠦ ᠳᠡᠯᠭᠡᠭᠦᠷ ᠲᠤ ᠴᠢᠭᠯᠡᠭᠦᠯᠦᠨ ᠲᠤᠰᠬᠠᠢ | ᠪᠠᠶᠢᠴᠠᠭᠠᠯᠲᠠ ᠶᠢᠨ ᠠᠵᠢᠯ ᠥᠷᠨᠢᠭᠦᠯᠪᠡ᠃ | | ᠲᠣᠰ ᠤᠳᠠᠭᠠᠨ ᠤ ᠲᠤᠰᠬᠠᠢ ᠪᠠᠶᠢᠴᠠᠭᠠᠯᠲᠠ ᠨᠢ ᠬᠠᠷᠢᠶᠠᠲᠤ ᠲᠣᠭᠤᠷᠢᠭ ᠤᠨ ᠳᠣᠲᠤᠭᠠᠳᠤᠶᠢᠨ ᠣᠯᠠᠨ ᠲᠣᠮᠣ | ᠬᠡᠯᠪᠡᠷᠢ ᠶᠢᠨ ᠬᠡᠲᠦ ᠳᠡᠯᠭᠡᠭᠦᠷ ᠢ ᠬᠠᠮᠤᠷᠴᠤ᠂ ᠬᠠᠤᠯᠢ ᠬᠡᠷᠡᠭᠵᠢᠭᠦᠯᠬᠦ ᠠᠵᠢᠯᠲᠠᠨ ᠬᠡᠲᠦ ᠳᠡᠯᠭᠡᠭᠦᠷ ᠤᠨ ᠢᠳᠡᠭᠡᠨ | ᠡᠳ᠋ᠰᠢᠭᠦᠯᠬᠦ ᠲᠣᠭᠤᠷᠢᠭ᠂ ᠪᠣᠷᠣᠯᠠᠭᠤᠯᠬᠤ ᠲᠣᠭᠤᠷᠢᠭ ᠲᠤ ᠭᠦᠨᠵᠡᠭᠡᠶᠢᠷᠡᠨ᠂ ᠢᠳᠡᠭᠡᠨ ᠤ ᠠᠮᠤᠷ ᠲᠦᠪᠰᠢᠨ᠂ | ᠦᠢᠯᠡᠳᠬᠦᠨ ᠤ ᠶᠠᠰᠤ ᠴᠢᠨᠠᠷ᠂ ᠦᠨ᠎ᠡ ᠬᠠᠩᠰᠢ ᠶᠢᠨ ᠡᠮᠬᠢ ᠳᠢᠭᠯᠢᠮ ᠵᠡᠷᠭᠡ ᠲᠠᠯ᠎ᠠ ᠳᠤ ᠭᠤᠣᠯᠳᠠᠯᠭ᠎ᠠ ᠲᠠᠢ | ᠠᠩᠬᠠᠷᠤᠯ ᠢᠶᠠᠨ ᠲᠥᠪᠯᠡᠷᠡᠭᠦᠯᠵᠦ᠂ ᠡᠯ᠎ᠡ ᠲᠥᠷᠥᠯ ᠤᠨ ᠲᠠᠸᠠᠷ ᠢ ᠴᠢᠩᠭ᠎ᠠ ᠰᠢᠭᠰᠢᠨ ᠪᠠᠶᠢᠴᠠᠭᠠᠪᠠ᠃ ᠬᠠᠤᠯᠢ | ᠬᠡᠷᠡᠭᠵᠢᠭᠦᠯᠬᠦ ᠶᠠᠪᠤᠴᠠ ᠳᠤ᠂ ᠬᠠᠤᠯᠢ ᠬᠡᠷᠡᠭᠵᠢᠭᠦᠯᠬᠦ ᠠᠵᠢᠯᠲᠠᠨ ᠮᠢᠬᠠᠨ ᠤ ᠲᠥᠷᠥᠯ᠂ ᠳᠠᠯᠠᠢ ᠶᠢᠨ ᠢᠳᠡᠭᠡᠨ᠂ ᠵᠢᠮᠢᠰ | ᠵᠡᠷᠭᠡ ᠲᠦᠭᠦᠬᠡᠢ ᠰᠣᠷᠭᠤᠭ ᠢᠳᠡᠭᠡᠨ ᠤ ᠰᠢᠨ᠎ᠡ ᠰᠣᠷᠭᠤᠭ ᠬᠡᠮᠵᠢᠶ᠎ᠡ ᠬᠢᠭᠡᠳ ᠪᠠᠷᠠᠭ᠎ᠠ ᠣᠷᠣᠭᠤᠯᠬᠤ ᠭᠡᠷᠡᠴᠢ | ᠪᠠᠷᠢᠮᠲᠠ ᠶᠢ ᠨᠠᠷᠢᠨ ᠨᠢᠮᠪᠠᠢ ᠪᠠᠶᠢᠴᠠᠭᠠᠨ ᠦᠵᠡᠵᠦ᠂ ᠢᠳᠡᠭᠡᠨ ᠤ ᠮᠠᠲ᠋ᠧᠷᠢᠶᠠᠯ ᠤᠨ ᠢᠷᠡᠯᠲᠡ ᠶᠢᠨ ᠠᠮᠤᠷ ᠲᠦᠪᠰᠢᠨ | ᠪᠥᠭᠡᠳ ᠨᠠᠶᠢᠳᠠᠪᠤᠷᠢᠲᠠᠢ ᠪᠠᠶᠢᠬᠤ ᠶᠢ ᠦᠨᠡᠨ ᠬᠦ ᠪᠠᠲᠤᠯᠠᠪᠠ︔ ᠤᠷᠢᠳᠴᠢᠯᠠᠨ ᠪᠣᠭᠤᠳᠠᠯᠯᠠᠭᠰᠠᠨ ᠢᠳᠡᠭᠡᠨ ᠳᠤ | ᠴᠢᠭᠯᠡᠭᠦᠯᠦᠨ᠂ ᠦᠢᠯᠡᠳᠪᠦᠷᠢᠯᠡᠭᠰᠡᠨ ᠡᠳᠦᠷ ᠬᠤᠭᠤᠴᠠᠭ᠎ᠠ᠂ ᠴᠢᠨᠠᠷ ᠢ ᠪᠠᠲᠤᠯᠠᠬᠤ ᠬᠤᠭᠤᠴᠠᠭ᠎ᠠ᠂ ᠨᠠᠶᠢᠷᠠᠯᠭᠠᠶᠢᠨ | ᠬᠦᠰᠦᠨᠦᠭᠲᠦ ᠶᠢ ᠨᠠᠷᠢᠨ ᠬᠠᠷᠭᠤᠭᠤᠯᠵᠤ᠂ ᠬᠤᠭᠤᠴᠠᠭ᠎ᠠ ᠬᠡᠲᠦᠷᠡᠭᠰᠡᠨ ᠢᠳᠡᠭᠡᠨ ᠪᠠ᠂ ︽ᠭᠤᠷᠪᠠ ᠦᠭᠡᠢ︾ | ᠢᠳᠡᠭᠡᠨ ᠢ ᠪᠣᠷᠣᠯᠠᠭᠤᠯᠬᠤ ᠶᠢ ᠰᠡᠷᠭᠡᠶᠢᠯᠡᠪᠡ᠃ | | ᠬᠡᠰᠡᠭ ᠬᠡᠲᠦ ᠳᠡᠯᠭᠡᠭᠦᠷ ᠲᠤ ᠣᠷᠣᠰᠢᠵᠤ ᠪᠠᠶᠢᠭ᠎ᠠ ᠢᠳᠡᠭᠡᠨ ᠢ ᠡᠷᠡᠭᠦᠯ ᠬᠠᠮᠠᠭᠠᠯᠠᠯ ᠤᠨ ᠪᠠᠷᠢᠮᠵᠢᠶ᠎ᠠ ᠳᠤ | ᠨᠡᠶᠢᠴᠡᠬᠦ ᠦᠭᠡᠢ᠂ ᠣᠨᠴᠠ ᠵᠠᠷᠢᠮ ᠲᠠᠸᠠᠷ ᠤᠨ ᠲᠡᠮᠳᠡᠭ ᠢ ᠪᠠᠯᠠᠳᠠᠬᠤ ᠵᠡᠷᠭᠡ ᠠᠰᠠᠭᠤᠳᠠᠯ ᠳᠤ ᠴᠢᠭᠯᠡᠭᠦᠯᠦᠨ᠂ ᠬᠠᠤᠯᠢ | ᠬᠡᠷᠡᠭᠵᠢᠭᠦᠯᠬᠦ ᠠᠵᠢᠯᠲᠠᠨ ᠬᠡᠲᠦ ᠳᠡᠯᠭᠡᠭᠦᠷ ᠢ ᠳᠠᠷᠤᠶᠢᠬᠠᠨ ᠴᠡᠭᠴᠡᠯᠡᠨ ᠰᠠᠶᠢᠵᠢᠷᠠᠭᠤᠯᠬᠤ ᠶᠢ ᠱᠠᠭᠠᠷᠳᠠᠭᠰᠠᠨ ᠪᠥᠭᠡᠳ | ᠴᠡᠭᠴᠡᠯᠡᠨ ᠰᠠᠶᠢᠵᠢᠷᠠᠭᠤᠯᠬᠤ ᠬᠤᠭᠤᠴᠠᠭ᠎ᠠ ᠶᠢ ᠲᠣᠳᠣᠷᠬᠠᠶᠢᠯᠠᠵᠤ᠂ ᠵᠠᠯᠭᠠᠭᠠᠳ ᠳᠠᠬᠢᠨ ᠪᠠᠶᠢᠴᠠᠭᠠᠯᠲᠠ ᠬᠢᠨ᠎ᠡ᠃ | ᠡᠭᠦᠨ ᠤ ᠬᠠᠮᠲᠤ᠂ ᠬᠠᠤᠯᠢ ᠬᠡᠷᠡᠭᠵᠢᠭᠦᠯᠬᠦ ᠠᠵᠢᠯᠲᠠᠨ ᠪᠠᠰᠠ ᠬᠡᠲᠦ ᠳᠡᠯᠭᠡᠭᠦᠷ ᠤᠨ ᠠᠵᠢᠯᠲᠠᠨ ᠳᠤ ᠬᠠᠮᠢᠶ᠎ᠠ ᠪᠦᠬᠦᠢ | ᠬᠠᠤᠯᠢ ᠴᠠᠭᠠᠵᠠ ᠬᠠᠤᠯᠢ ᠲᠣᠭᠲᠠᠭᠠᠯ ᠢ ᠤᠬᠠᠭᠤᠯᠵᠤ᠂ ᠬᠡᠷᠡᠭᠯᠡᠭᠴᠢᠳ ᠤᠨ ᠡᠷᠬᠡ ᠠᠰᠢᠭ ᠢ ᠪᠠᠲᠤᠯᠠᠬᠤ ᠶᠢᠨ | ᠴᠢᠬᠤᠯᠠ ᠴᠢᠨᠠᠷ ᠢ ᠴᠢᠬᠤᠯᠠᠴᠢᠯᠠᠨ᠂ ᠬᠤᠳᠠᠯᠳᠤᠭᠠᠴᠢᠨ ᠤ ᠭᠤᠣᠯ ᠴᠣᠭᠴᠠ ᠶᠢᠨ ᠬᠠᠷᠢᠭᠤᠴᠠᠯᠭ᠎ᠠ ᠪᠠᠨ | ᠨᠠᠶᠢᠳᠠᠪᠤᠷᠢᠵᠢᠭᠤᠯᠬᠤ ᠶᠢ ᠱᠠᠯᠠᠪᠳᠠᠭᠤᠯᠵᠤ᠂ ᠦᠨᠡᠨᠴᠢ ᠢᠲᠡᠭᠡᠮᠵᠢᠲᠡᠢ ᠪᠠᠷ ᠡᠵᠡᠩᠨᠡᠬᠦ ᠶᠢ ᠴᠢᠬᠤᠯᠠᠴᠢᠯᠠᠪᠠ᠃ | | ᠵᠠᠯᠭᠠᠭᠠᠳ᠂ ᠬᠤᠲᠣᠩ ᠠᠷᠠᠳ ᠤᠨ ᠲᠣᠭᠤᠷᠢᠭ ᠤᠨ ᠬᠢᠨ ᠰᠦᠷ ᠬᠦᠴᠦᠲᠦ ᠪᠠᠶᠢᠳᠠᠯ ᠢᠶᠠᠨ ᠦᠷᠭᠦᠯᠵᠢᠯᠡᠨ | ᠪᠠᠲᠤᠯᠠᠵᠤ᠂ ᠬᠢᠨᠠᠯᠲᠠ ᠬᠠᠮᠢᠶᠠᠷᠤᠯᠲᠠ ᠶᠢᠨ ᠡᠷᠴᠢᠮ ᠪᠣᠯᠣᠨ ᠤᠬᠠᠭᠤᠯᠭ᠎ᠠ ᠶᠢᠨ ᠡᠷᠴᠢᠮ ᠢᠶᠠᠨ ᠴᠢᠩᠭᠠᠷᠠᠭᠤᠯᠵᠤ᠂ ᠡᠯ᠎ᠡ | ᠲᠦᠷᠦᠯ ᠤᠨ ᠲᠤᠰᠬᠠᠢ ᠪᠠᠶᠢᠴᠠᠭᠠᠯᠲᠠ ᠶᠢᠨ ᠠᠵᠢᠯ ᠢ ᠭᠦᠨᠵᠡᠭᠡᠢ ᠠᠬᠢᠭᠤᠯᠵᠤ᠂ ᠲᠣᠭᠲᠠᠮᠠᠯ ᠪᠤᠰᠤ | ᠬᠤᠭᠤᠴᠠᠭ᠎ᠠ ᠲᠠᠢ ᠪᠠᠷ ︽ᠡᠷᠬᠢᠨ ᠬᠠᠷᠠᠬᠤ︾ ᠠᠵᠢᠯ ᠢ ᠥᠷᠨᠢᠭᠦᠯᠵᠦ᠂ ᠴᠡᠭᠴᠡᠯᠡᠨ ᠵᠠᠰᠠᠭᠰᠠᠨ ᠦᠷ᠎ᠡ ᠪᠦᠲᠦᠭᠡᠯ ᠢᠶᠠᠨ | ᠪᠠᠬᠢᠵᠢᠭᠦᠯᠵᠦ᠂ ᠥᠷᠭᠡᠨ ᠤᠯᠠᠨ ᠬᠡᠷᠡᠭᠯᠡᠭᠴᠢᠳ ᠤᠨ ᠬᠠᠤᠯᠢ ᠶᠣᠰᠣᠨ ᠤ ᠡᠷᠬᠡ ᠠᠰᠢᠭ ᠢ ᠦᠨᠡᠨᠬᠦ ᠰᠠᠶᠢᠲᠤᠷ | ᠬᠠᠮᠠᠭᠠᠯᠠᠵᠤ᠂ ᠬᠡᠷᠡᠭᠯᠡᠭᠴᠢᠳ ᠢ ᠪᠠᠷᠠᠭ᠎ᠠ ᠬᠤᠳᠠᠯᠳᠤᠨ ᠠᠪᠬᠤ ᠳᠤ ᠰᠠᠨᠠᠭ᠎ᠠ ᠠᠮᠤᠷ ᠬᠡᠷᠡᠭᠯᠡᠵᠦ᠂ ᠰᠠᠨᠠᠭ᠎ᠠ ᠠᠮᠤᠷ | ᠬᠡᠷᠡᠭᠯᠡᠵᠦ᠂ ᠡᠷᠡᠭᠦᠯ ᠪᠥᠭᠡᠳ ᠡᠮᠬᠢ ᠵᠢᠷᠤᠮ ᠲᠠᠢ ᠵᠠᠬ᠎ᠠ ᠳᠡᠯᠭᠡᠭᠦᠷ ᠤᠨ ᠬᠡᠷᠡᠭᠯᠡᠭᠡᠨ ᠤ ᠣᠷᠴᠢᠨ ᠲᠣᠭᠤᠷᠢᠨ ᠢ | ᠪᠠᠶᠢᠭᠤᠯᠬᠤ ᠳᠤ ᠬᠦᠴᠦᠨ ᠴᠢᠳᠠᠯ ᠢᠶᠠᠨ ᠡᠷᠭᠦᠨ᠎ᠡ ᠭᠡᠵᠡᠢ᠃ |