︵ᠰᠤᠷᠪᠤᠯᠵᠢᠯᠠᠭᠴᠢ ᠴᠢ ᠰᠢᠶᠣᠣ ᠶᠠᠨ︶ ᠰᠤᠷᠪᠤᠯᠵᠢᠯᠠᠭᠴᠢ ᠣᠶᠢᠷ᠎ᠠ ᠳᠤ ᠥᠪᠥᠷ ᠮᠣᠩᠭᠤᠯ ᠤᠨ ᠥᠪᠡᠷᠲᠡᠭᠡᠨ | ᠵᠠᠰᠠᠬᠤ ᠣᠷᠣᠨ ᠤ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ︵ᠮᠡᠳᠡᠯᠭᠡ ᠶᠢᠨ | ᠪᠦᠲᠦᠭᠡᠭᠳᠡᠬᠦᠨ ᠤ ᠦᠮᠴᠢᠯᠡᠯ ᠤᠨ ᠡᠷᠬᠡ ᠶᠢᠨ ᠲᠣᠪᠴᠢᠶ᠎ᠠ︶ ᠠᠴᠠ ᠣᠶᠢᠯᠠᠭᠠᠭᠰᠠᠨ ᠢᠶᠠᠷ᠂ 2025 ᠣᠨ ᠤ 1 | ᠳ᠋ᠦ᠋ᠭᠡᠷ ᠰᠠᠷ᠎ᠠ ᠳᠤ᠂ ᠪᠥᠬᠦ ᠣᠷᠣᠨ ᠤ ᠲᠤᠰᠬᠠᠢ ᠠᠰᠢᠭ ᠤᠨ ᠡᠷᠬᠡ ᠣᠯᠭᠤᠭᠰᠠᠨ ᠬᠡᠮᠵᠢᠶ᠎ᠡ 1909 ᠬᠤᠪᠢ ᠬᠦᠷᠴᠦ᠂ | ᠠᠳᠠᠯᠢ ᠬᠤᠭᠤᠴᠠᠭᠠᠨ ᠤ ᠬᠢ ᠠᠴᠠ 2.14% ᠨᠡᠮᠡᠭᠳᠡᠪᠡ᠃ ᠡᠭᠦᠨ ᠳᠤ ᠡᠭᠦᠳᠦᠯᠲᠡ ᠶᠢᠨ ᠲᠤᠰᠬᠠᠢ ᠠᠰᠢᠭ ᠤᠨ | ᠡᠷᠬᠡ ᠣᠯᠭᠤᠭᠰᠠᠨ ᠨᠢ 444 ᠬᠤᠪᠢ ᠪᠠᠶᠢᠵᠤ᠂ ᠠᠳᠠᠯᠢ ᠬᠤᠭᠤᠴᠠᠭᠠᠨ ᠤ ᠬᠢ ᠠᠴᠠ 51.02% ᠨᠡᠮᠡᠭᠳᠡᠪᠡ᠃ | ᠬᠡᠷᠡᠭᠯᠡᠭᠡᠨ ᠤ ᠰᠢᠨ᠎ᠡ ᠬᠡᠯᠪᠡᠷᠢ ᠶᠢᠨ ᠲᠤᠰᠬᠠᠢ ᠠᠰᠢᠭ ᠤᠨ ᠡᠷᠬᠡ ᠣᠯᠭᠤᠭᠰᠠᠨ ᠨᠢ 1372 ᠬᠤᠪᠢ ᠪᠠᠶᠢᠵᠤ᠂ | ᠠᠳᠠᠯᠢ ᠬᠤᠭᠤᠴᠠᠭᠠᠨ ᠤ ᠬᠢ ᠠᠴᠠ 8.1% ᠪᠠᠭᠤᠷᠠᠪᠠ᠃ ᠭᠠᠳᠠᠷ ᠦᠵᠡᠮᠵᠢ ᠶᠢᠨ ᠲᠥᠯᠥᠪᠯᠡᠭᠡ ᠶᠢᠨ ᠲᠤᠰᠬᠠᠢ | ᠠᠰᠢᠭ ᠤᠨ ᠡᠷᠬᠡ ᠣᠯᠭᠤᠭᠰᠠᠨ ᠨᠢ 93 ᠬᠤᠪᠢ ᠪᠠᠶᠢᠵᠤ᠂ ᠠᠳᠠᠯᠢ ᠬᠤᠭᠤᠴᠠᠭᠠᠨ ᠤ ᠬᠢ ᠠᠴᠠ 13.41% | ᠨᠡᠮᠡᠭᠳᠡᠪᠡ᠃ | 1 ᠳ᠋ᠦ᠋ᠭᠡᠷ ᠰᠠᠷ᠎ᠠ ᠶᠢᠨ ᠰᠡᠭᠦᠯᠴᠢ ᠪᠣᠯᠲᠠᠯ᠎ᠠ᠂ ᠪᠥᠬᠦ ᠣᠷᠣᠨ ᠤ ᠬᠦᠴᠦᠨ ᠪᠦᠬᠦᠢ ᠡᠭᠦᠳᠦᠯᠲᠡ ᠶᠢᠨ ᠲᠤᠰᠬᠠᠢ | ᠠᠰᠢᠭ ᠤᠨ ᠡᠷᠬᠡ 16338 ᠬᠤᠪᠢ ᠪᠠᠶᠢᠵᠤ᠂ ᠲᠦᠮᠡᠨ ᠬᠥᠮᠥᠨ ᠨᠢᠭᠡᠪᠦᠷᠢ ᠶᠢᠨ ᠬᠦᠴᠦᠨ ᠪᠦᠬᠦᠢ ᠡᠭᠦᠳᠦᠯᠲᠡ ᠶᠢᠨ | ᠲᠤᠰᠬᠠᠢ ᠠᠰᠢᠭ ᠤᠨ ᠡᠷᠬᠡ 6.82 ᠬᠤᠪᠢ ᠬᠦᠷᠴᠡᠢ᠃ ᠡᠭᠦᠨ ᠳᠤ᠂ ᠬᠥᠬᠡᠬᠤᠲᠠ᠂ ᠪᠤᠭᠤᠲᠤ ᠬᠤᠲᠠ ᠪᠠ ᠣᠷᠳᠣᠰ | ᠬᠤᠲᠠ ᠶᠢᠨ ᠬᠦᠴᠦᠨ ᠪᠦᠬᠦᠢ ᠡᠭᠦᠳᠦᠯᠲᠡ ᠶᠢᠨ ᠲᠤᠰᠬᠠᠢ ᠠᠰᠢᠭ ᠤᠨ ᠡᠷᠬᠡ ᠨᠢ ᠪᠥᠬᠦ ᠣᠷᠣᠨ ᠤ ᠡᠮᠦᠨ᠎ᠡ | ᠭᠤᠷᠪᠠ ᠳᠤ ᠣᠷᠣᠵᠤ᠂ ᠲᠣᠰ ᠲᠣᠰ 6983 ᠬᠤᠪᠢ᠂ 3699 ᠬᠤᠪᠢ ᠪᠠ 1869 ᠬᠤᠪᠢ ᠪᠠᠶᠢᠵᠤ᠂ ᠪᠥᠬᠦ | ᠣᠷᠣᠨ ᠤ ᠬᠦᠴᠦᠨ ᠪᠦᠬᠦᠢ ᠡᠭᠦᠳᠦᠯᠲᠡ ᠶᠢᠨ ᠲᠤᠰᠬᠠᠢ ᠠᠰᠢᠭ ᠤᠨ ᠡᠷᠬᠡ ᠶᠢᠨ ᠶᠡᠷᠦᠩᠬᠡᠢ ᠬᠡᠮᠵᠢᠶᠡᠨ ᠤ 76. | 8% ᠶᠢ ᠡᠵᠡᠯᠡᠪᠡ᠃ | |