ᠬᠠᠮᠤᠭ ᠤᠨ ᠭᠤᠶᠣ ᠦᠨᠳᠦᠰᠦᠨ ᠱᠠᠲᠤᠨ ᠤ ᠠᠵᠢᠯᠲᠠᠨ ︱ ᠰᠦᠯᠵᠢᠶᠡᠨ ᠤ ᠠᠵᠢᠯᠲᠠᠨ ᠳᠤ ᠬᠦᠨᠳᠦᠳᠬᠡᠯ ᠳᠡᠪᠰᠢᠭᠦᠯᠦᠶ᠎ᠡ
ᠨᠡᠶᠢᠲᠡᠯᠡᠭᠰᠡᠨ ᠴᠠᠭ᠄
2022/12/19
      ᠢᠮᠦ ᠨᠢᠭᠡ ᠪᠦᠯᠦᠭ ᠬᠥᠮᠥᠰ ᠪᠠᠶᠢᠨ᠎ᠠ᠃ ᠤᠯᠠᠨ ᠤ ᠬᠠᠷᠠᠭᠠᠨ ᠳᠤ ᠪᠠᠶᠢᠩᠭᠤ ᠬᠠᠷᠠᠭᠳᠠᠳᠠᠭ᠂ ᠲᠡᠳᠡ ᠪᠣᠯ ᠪᠣᠯᠪᠠᠰᠤᠨ ᠬᠤᠳᠠ ᠶᠢ ᠡᠭᠦᠳᠦᠨ ᠪᠠᠶᠢᠭᠤᠯᠬᠤ ᠤᠬᠠᠭᠤᠯᠤᠭᠴᠢ᠂ ᠬᠤᠭ ᠨᠣᠪᠰᠢ ᠶᠢ ᠲᠦᠷᠦᠯ ᠬᠤᠪᠢᠶᠠᠬᠤ ᠬᠢᠨᠠᠭᠴᠢ ᠂ ᠠᠶᠤᠯᠭᠦᠢ ᠦᠢᠯᠡᠳᠪᠦᠷᠢᠯᠡᠯ ᠤᠨ ᠪᠠᠶᠢᠴᠠᠭᠠᠭᠴᠢ ᠮᠥᠨ᠂ ᠨᠡᠩ ᠴᠤ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ︽ᠡᠭᠦᠳᠡ ᠰᠠᠬᠢᠭᠴᠢ︾᠂ ᠪᠥᠭᠡᠮ ᠬᠦᠴᠢᠯ ᠢ ᠰᠢᠯᠭᠠᠨ ᠪᠠᠶᠢᠴᠠᠭᠠᠬᠤ ᠦᠯᠢᠭᠡᠷ ᠠᠪᠤᠭᠴᠢ᠂ ᠮᠡᠳᠡᠭᠡ ᠵᠠᠩᠭᠢᠴᠢ ᠮᠥᠨ᠂ ᠬᠢᠵᠢᠭ ᠤᠨ ᠪᠠᠶᠢᠳᠠᠯ ᠤᠨ ᠬᠤᠭᠤᠴᠠᠭᠠᠨ ᠳᠤ ᠰᠠᠭᠤᠭᠠᠯᠢ ᠠᠷᠠᠳ ᠲᠤ ᠡᠳ᠋ ᠪᠣᠳᠠᠰ ᠬᠦᠷᠭᠡᠳᠡᠭ ︽ᠲᠦᠷᠭᠡᠨ ᠬᠦᠷᠭᠡᠭᠴᠢ︾᠁ ᠲᠡᠳᠡᠨ ᠳᠤ ᠨᠢᠭᠡᠨ ᠬᠥᠮᠥᠨ ᠪᠦᠬᠦᠨ ᠤ ᠮᠡᠳᠡᠳᠡᠭ ᠰᠦᠯᠵᠢᠶᠡᠨ ᠤ ᠲᠠᠰᠤᠯᠤᠭᠴᠢ ᠭᠡᠵᠦ ᠪᠠᠶᠢᠳᠠᠭ᠃ ᠶᠢᠦ ᠶᠢᠦ ᠪᠠᠨ ᠪᠠᠯᠭᠠᠰᠤᠨ ᠤ ᠳ᠋ᠣᠣ ᠳ᠋ᠣᠣ ᠪᠠᠨ ᠨᠡᠶᠢᠭᠡᠮ ᠲᠣᠭᠤᠷᠢᠭ ᠲᠤ᠂ ᠮᠠ ᠶᠠᠨ ᠴᠢᠩ ᠪᠣᠯ ᠳᠠᠷᠤᠢ ᠡᠶᠢᠮᠦ ᠨᠢᠭᠡᠨ ᠰᠦᠯᠵᠢᠶᠡᠨ ᠤ ᠲᠠᠰᠤᠯᠪᠤᠷᠢ ᠶᠢᠨ ᠠᠵᠢᠯᠲᠠᠨ ᠶᠤᠮ᠃      ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ ᠲᠠᠶᠢᠨ ᠡᠬᠢᠯᠡᠭᠰᠡᠨ ᠠᠩᠬᠠᠨ ᠤ ᠡᠳᠦᠷ᠂ ᠮᠠ ᠶᠠᠨ ᠴᠢᠩ ᠬᠢᠵᠢᠭ ᠢ ᠰᠡᠷᠭᠡᠶᠢᠯᠡᠬᠦ ᠨᠢᠭᠡᠳᠦᠭᠡᠷ ᠹᠷᠣᠨᠲ ᠲᠤ ᠪᠠᠲᠤ ᠰᠠᠬᠢᠵᠤ᠂ ᠡᠳᠦᠷ ᠪᠦᠷᠢ ᠶᠢᠨ ᠪᠥᠭᠡᠮ ᠬᠦᠴᠢᠯ ᠤᠨ ᠦᠯᠢᠭᠡᠷ ᠠᠪᠬᠤ ᠠᠵᠢᠯ ᠳᠠᠭᠤᠰᠤᠭᠰᠠᠨ ᠤ ᠲᠠᠷᠠᠭ᠎ᠠ᠂ ᠲᠡᠷᠡ ᠠᠵᠢᠯ ᠤᠨ ᠭᠤᠣᠯᠳᠠᠯᠭ᠎ᠠ ᠪᠠᠨ ᠬᠠᠷᠢᠶᠠᠲᠤ ᠣᠷᠣᠨ ᠤ ᠪᠠᠨ ᠬᠦᠴᠢᠷᠳᠡᠯᠲᠡᠢ ᠤᠯᠠᠨ ᠲᠦᠮᠡᠨ ᠤ ᠡᠳ᠋ ᠪᠣᠳᠠᠰ ᠤᠨ ᠪᠠᠲᠤᠯᠠᠭ᠎ᠠ ᠳᠡᠭᠡᠷ᠎ᠡ ᠲᠠᠯᠪᠢᠵᠤ᠂ ᠤᠲᠠᠰᠤ ᠪᠠᠷ ᠯᠠᠪᠯᠠᠨ ᠠᠰᠠᠭᠤᠬᠤ ᠪᠠᠷ ᠲᠠᠮᠵᠢᠨ᠂ ᠨᠢᠭᠡᠳ ᠨᠢᠭᠡ ᠪᠠᠷ ᠡᠷᠤᠭᠡ ᠳᠤ ᠣᠷᠣᠵᠤ᠂ ᠲᠡᠳᠡᠨ ᠢ ᠬᠠᠪᠰᠤᠷᠤᠨ ᠠᠮᠢᠳᠤᠷᠠᠯ ᠤᠨ ᠳᠤᠮᠳᠠᠬᠢ ᠬᠦᠴᠢᠷᠳᠡᠯ ᠢ ᠨᠢ ᠰᠢᠢᠳᠪᠦᠷᠢᠯᠡᠵᠦ ᠥᠭᠴᠡᠢ᠃ ᠥᠨᠥᠴᠢᠨ ᠪᠡᠯᠪᠡᠰᠦᠨ ᠨᠠᠰᠤᠲᠠᠨ ᠳᠤ ᠴᠢᠭᠯᠡᠭᠦᠯᠦᠨ ᠲᠡᠷᠡ ᠦᠷᠭᠦᠯᠵᠢ ᠣᠴᠢᠵᠤ ᠦᠵᠡᠨ᠂ ᠲᠡᠳᠡᠨ ᠳᠤ ᠦᠨᠢᠶᠡᠨ ᠰᠦ᠂ ᠢᠳᠡᠰᠢᠨ ᠨᠣᠭᠤᠭ᠎ᠠ ᠵᠡᠷᠭᠡ ᠠᠮᠢᠳᠤᠷᠠᠯ ᠤᠨ ᠡᠳ᠋ ᠪᠣᠳᠠᠰ ᠢ ᠨᠢ ᠬᠦᠷᠭᠡᠵᠦ ᠥᠭᠲᠡᠭ᠃      ᠮᠠ ᠶᠠᠨ ᠴᠢᠩ ᠤᠨ ᠰᠢᠷᠭᠠᠭᠤ ᠴᠢᠷᠮᠠᠶᠢᠯᠭ᠎ᠠ ᠶᠢ ᠰᠠᠭᠤᠭᠠᠯᠢ ᠠᠷᠠᠳ ᠨᠢᠳᠦᠨ ᠳᠡᠭᠡᠨ ᠬᠠᠪᠴᠢᠵᠤ᠂ ᠲᠡᠭᠦᠨ ᠳᠤ ᠪᠡᠯᠡᠭᠯᠡᠭᠰᠡᠨ ᠬᠡᠮᠡᠷᠯᠢᠭ ᠲᠤᠭ ᠳᠡᠭᠡᠷ᠎ᠡ᠄ ᠬᠦᠴᠢᠷ ᠪᠡᠷᠬᠡᠰᠢᠶᠡᠯ ᠠᠴᠠ ᠠᠶᠤᠬᠤ ᠦᠭᠡᠢ ᠪᠠᠷ ᠬᠢᠵᠢᠭ ᠤᠨ ᠪᠠᠶᠢᠳᠠᠯ ᠢ ᠡᠰᠡᠷᠭᠦᠴᠡᠵᠦ᠂ ᠬᠠᠯᠠᠭᠤᠮᠰᠤᠭ ᠢᠶᠠᠷ ᠰᠠᠭᠤᠭᠠᠯᠢ ᠠᠷᠠᠳ ᠲᠤ ᠦᠢᠯᠡᠴᠢᠯᠡᠨ᠎ᠡ ᠭᠡᠵᠦ ᠪᠢᠴᠢᠭᠰᠡᠨ ᠪᠠᠶᠢᠳᠠᠭ᠃ ᠮᠠ ᠶᠠᠨ ᠴᠢᠩ᠄ ︽ᠨᠡᠶᠢᠭᠡᠮ ᠲᠣᠭᠤᠷᠢᠭ ᠤᠨ ᠰᠠᠭᠤᠭᠠᠯᠢ ᠠᠷᠠᠳ ᠤᠨ ᠨᠤᠲᠠᠯᠠᠯᠲᠠ ᠪᠣᠯ ᠳᠠᠷᠤᠢ ᠮᠠᠨ ᠤ ᠠᠵᠢᠯ ᠳᠤ ᠥᠭᠭᠦᠭᠰᠡᠨ ᠬᠠᠮᠤᠭ ᠤᠨ ᠶᠡᠭᠡ ᠵᠣᠷᠢᠭᠵᠢᠭᠤᠯᠤᠯ ᠮᠥᠨ᠂ ᠬᠡᠳᠦᠢ ᠵᠦᠳᠡᠷᠡᠭᠰᠡᠨ ᠴᠦ ᠪᠡᠨ᠎ᠡ ᠲᠠᠢ︾ ᠭᠡᠵᠡᠢ᠃      ᠸᠢᠷᠦ᠋ᠰ ᠬᠠᠶᠢᠷ᠎ᠠ ᠨᠠᠶᠢᠷ ᠦᠭᠡᠢ᠂ ᠬᠥᠮᠥᠨ ᠤ ᠶᠢᠷᠲᠢᠨᠴᠦ ᠳᠤ ᠬᠠᠶᠢᠷ᠎ᠠ ᠪᠠᠶᠢᠳᠠᠭ᠃ ᠬᠢᠵᠢᠭ ᠤᠨ ᠪᠠᠶᠢᠳᠠᠯ ᠢ ᠰᠡᠷᠭᠡᠶᠢᠯᠡᠨ ᠬᠢᠵᠠᠭᠠᠷᠯᠠᠬᠤ ᠬᠤᠭᠤᠴᠠᠭᠠᠨ ᠳᠤ᠂ ᠮᠠ ᠶᠠᠨ ᠴᠢᠩ ᠰᠢᠭ ᠡᠮᠦᠨ᠎ᠡ ᠹᠷᠣᠨᠲ ᠤᠨ ᠮᠠᠰᠢ ᠤᠯᠠᠨ ᠬᠥᠮᠥᠰ ᠪᠠᠰᠠ ᠡᠳᠦᠷ ᠰᠥᠨᠢ ᠦᠭᠡᠢ ᠠᠵᠢᠯ ᠤᠨ ᠪᠠᠶᠢᠷᠢ ᠪᠠᠨ ᠪᠠᠲᠤ ᠰᠠᠬᠢᠵᠤ᠂ ᠪᠢᠳᠡᠨ ᠢᠶᠠᠷ ᠡᠮᠦᠨ᠎ᠡ ᠹᠷᠣᠨᠲ ᠤᠨ ᠪᠦᠬᠦ ᠬᠥᠮᠥᠰ ᠲᠤ ᠬᠦᠨᠳᠦᠳᠬᠡᠯ ᠳᠡᠪᠰᠢᠭᠦᠯᠵᠦ᠂ ᠨᠡᠶᠢᠭᠡᠮ ᠲᠣᠭᠤᠷᠢᠭ ᠤᠨ ᠰᠦᠯᠵᠢᠶᠡᠨ ᠤ ᠠᠵᠢᠯᠲᠠᠳ ᠲᠤ ᠬᠦᠨᠳᠦᠳᠬᠡᠯ ᠳᠡᠪᠰᠢᠭᠦᠯᠦᠶ᠎ᠡ︕
 
ᠢᠷᠡᠯᠲᠡ᠄ ᠬᠤᠲᠤᠩ ᠠᠷᠠᠳ ᠤᠨ ᠲᠣᠭᠤᠷᠢᠭ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000611号-1号