ᠲᠠᠨ ᠤ ᠲᠤᠰᠠ ᠳᠤ
ᠨᠡᠶᠢᠲᠡᠯᠡᠭᠰᠡᠨ ᠴᠠᠭ᠄
2024/8/15
      ᠠᠷᠠᠰᠤ ᠪᠠᠭ᠎ᠠ ᠬᠡᠮᠵᠢᠶ᠎ᠡ ᠪᠠᠷ ᠰᠢᠷᠬᠠᠲᠤᠭᠰᠠᠨ ᠪᠤᠶᠤ ᠲᠦᠯᠡᠭᠳᠡᠭᠰᠡᠨ᠂ ᠬᠠᠯᠠᠭᠠᠭᠳᠠᠭᠰᠠᠨ ᠪᠠᠶᠢᠪᠠᠯ ᠪᠠᠭ᠎ᠠ ᠬᠡᠮᠵᠢᠶᠡᠨ ᠤ ᠶᠠᠭᠤᠤ ᠲᠦᠷᠭᠢᠪᠠᠯ ᠳᠣᠣᠷ᠎ᠠ ᠨᠢ ᠡᠪᠡᠳᠬᠦ ᠶᠢ ᠨᠠᠮᠳᠠᠭᠤᠯᠵᠤ᠂ ᠴᠢᠰᠤ ᠶᠢ ᠨᠢ ᠵᠣᠭᠰᠣᠭᠠᠨ᠎ᠠ᠃       ᠬᠤᠭᠤᠯᠠᠢ᠂ ᠪᠤᠶᠢᠯᠠ ᠦᠷᠪᠢᠰᠦᠯ ᠲᠠᠢ ᠪᠣᠯᠪᠠᠯ᠂ ᠰᠥᠨᠢ ᠲᠠᠷᠪᠤᠰ ᠢ ᠵᠢᠵᠢᠭ ᠵᠢᠵᠢᠭ ᠬᠡᠰᠡᠭ ᠪᠣᠯᠭᠠᠨ ᠬᠡᠷᠴᠢᠵᠦ᠂ ᠳᠠᠪᠤᠰᠤ ᠲᠦᠷᠭᠢᠭᠡᠳ ᠢᠳᠡᠪᠡᠯ ᠳᠠᠷᠤᠢ ᠳᠤᠨᠢ ᠡᠪᠡᠳᠴᠢᠨ ᠤ ᠪᠠᠶᠢᠳᠠᠯ ᠰᠠᠶᠢᠵᠢᠷᠠᠵᠤ᠂ ᠬᠤᠶᠠᠳᠤᠭᠠᠷ ᠡᠳᠦᠷ ᠨᠢ ᠡᠳᠡᠭᠡᠷᠡᠴᠢᠬᠡᠨ᠎ᠡ᠃      ᠤᠨᠲᠠᠬᠤ ᠠᠴᠠ ᠡᠮᠦᠨ᠎ᠡ ᠣᠯᠠᠨ ᠦᠭᠡ ᠬᠡᠯᠡᠬᠦ ᠦᠭᠡᠢ᠂ ᠥᠳᠬᠡᠨ ᠴᠠᠢ ᠤᠤᠭᠤᠬᠤ ᠦᠭᠡᠢ᠂ ᠲᠠᠷᠢᠬᠢ ᠶᠡᠭᠡ ᠪᠠᠷ ᠬᠡᠷᠡᠭᠯᠡᠬᠦ ᠦᠭᠡᠢ᠂ ᠬᠠᠯᠠᠭᠤᠨ ᠣᠰᠣᠨ ᠳᠤ ᠼᠤᠣ ᠬᠢᠵᠦ ᠬᠥᠯ ᠢᠶᠠᠨ ᠤᠬᠢᠶᠠᠪᠠᠯ ᠨᠣᠶᠢᠷ ᠬᠤᠯᠵᠢᠬᠤ ᠶᠢ ᠰᠡᠷᠭᠡᠶᠢᠯᠡᠵᠦ ᠪᠣᠯᠣᠨ᠎ᠠ᠃      ᠴᠠᠭᠠᠨ ᠼᠤᠣ ᠶᠢ ᠠᠮᠪᠠᠨ ᠳᠡᠭᠡᠷ᠎ᠡ ᠳᠤᠰᠤᠭᠠᠵᠤ ᠬᠠᠭᠠᠰ ᠴᠠᠭ ᠲᠠᠯᠪᠢᠭᠰᠠᠨ ᠤ ᠲᠠᠷᠠᠭ᠎ᠠ ᠤᠬᠢᠶᠠᠪᠠᠯ ᠪᠠᠺᠲ᠋ᠧᠷᠢ ᠠᠯᠠᠬᠤ ᠪᠥᠭᠡᠳ ᠦᠨᠦᠷ ᠢ ᠠᠷᠢᠯᠭᠠᠨ᠎ᠠ᠃      ᠰᠣᠩᠭᠢᠨ᠎ᠠ ᠰᠠᠷᠢᠮᠰᠠᠭ ᠢ ᠣᠯᠠᠨ ᠢᠳᠡᠪᠡᠯ ᠠᠮᠠᠨ ᠬᠥᠨᠳᠡᠢ᠂ ᠬᠤᠳᠣᠭᠤᠳᠤ ᠭᠡᠳᠡᠰᠦᠨ ᠳᠤ ᠰᠡᠳᠡᠯᠲᠡ ᠥᠭᠴᠦ ᠡᠷᠡᠭᠦᠯ ᠮᠠᠨᠳᠣ ᠳᠤ ᠠᠰᠢᠭ ᠦᠭᠡᠢ᠂ ᠵᠢᠭᠠᠬᠠᠨ ᠼᠣᠣ ᠬᠢᠭᠡᠳ ᠢᠳᠡᠪᠡᠯ ᠰᠠᠶᠢᠨ᠃      ᠬᠥᠯᠳᠡᠭᠡᠭᠦᠷ ᠲᠤ ᠢᠳᠡᠭᠡᠨ ᠪᠣᠯᠭᠠᠨ ᠢ ᠬᠠᠳᠠᠭᠠᠯᠠᠵᠤ ᠪᠤᠯᠳᠠᠭ ᠪᠢᠰᠢ᠃ ᠳᠣᠣᠷᠠᠬᠢ ᠢᠳᠡᠭᠡᠨ ᠢ ᠬᠥᠯᠳᠡᠭᠡᠭᠦᠷ ᠲᠤ ᠤᠳᠠᠭᠠᠨ ᠲᠠᠯᠪᠢᠬᠤ ᠦᠭᠡᠢ ᠪᠠᠶᠢᠪᠠᠯ ᠵᠣᠬᠢᠨ᠎ᠠ᠃      ᠪᠡᠷᠴᠢᠭᠢᠷ ᠯᠤᠤ ᠶᠢᠨ ᠨᠢᠳᠦ᠄ 0 ᠭᠷᠡᠳᠦ᠋ᠰ ᠠᠴᠠ ᠳᠣᠣᠷ᠎ᠠ ᠳᠤᠯᠠᠭᠠᠨ ᠳᠤ 1 ᠡᠳᠦᠷ ᠲᠠᠯᠪᠢᠬᠤ ᠳᠤ ᠬᠠᠯᠢᠰᠤ  ᠨᠢ ᠬᠠᠷᠠᠯᠠᠵᠤ᠂ ᠠᠮᠲᠠ ᠨᠢ ᠮᠠᠭᠤᠳᠠᠳᠠᠭ᠃      ᠪᠠᠨᠠᠨᠠ᠄ 12 ᠭᠷᠡᠳᠦ᠋ᠰ ᠠᠴᠠ ᠳᠣᠣᠷ᠎ᠠ ᠳᠤᠯᠠᠭᠠᠨ ᠳᠤ ᠬᠠᠳᠠᠭᠠᠯᠠᠪᠠᠯ ᠬᠠᠷᠠᠯᠠᠵᠤ ᠡᠪᠳᠡᠷᠡᠳᠡᠭ᠃      ᠦᠷᠭᠡᠰᠦᠲᠦ ᠬᠡᠮᠬᠡ᠄ 0 ᠭᠷᠡᠳᠦ᠋ᠰ ᠤᠨ ᠬᠥᠯᠳᠡᠭᠡᠭᠦᠷ ᠲᠤ 3 ᠡᠳᠦᠷ ᠲᠠᠯᠪᠢᠪᠠᠯ᠂ ᠦᠷᠭᠡᠰᠦᠲᠦ ᠬᠡᠮᠬᠡ ᠶᠢᠨ ᠬᠠᠯᠢᠰᠤ ᠨᠢ ᠬᠠᠳᠠᠩᠰᠢᠵᠤ᠂ ᠬᠡᠷᠴᠢᠬᠦ ᠳᠤ ᠴᠠᠪᠠᠤᠯᠢᠭ ᠰᠢᠩᠭᠡᠨ ᠤᠰᠤ ᠭᠠᠷᠴᠤ᠂ ᠦᠨᠦᠷ ᠠᠮᠲᠠ ᠨᠢ ᠮᠠᠭᠤᠳᠠᠳᠠᠭ᠃      ᠲᠥᠪᠡᠳ ᠬᠠᠰᠢ᠄ ᠲᠥᠪᠡᠳ ᠬᠠᠰᠢ ᠶᠢᠨ ᠵᠠᠷᠢᠮ ᠬᠡᠰᠡᠭ ᠭᠠᠵᠠᠷ ᠪᠤᠶᠤ ᠪᠦᠭᠦᠨ ᠢᠶᠠᠷ ᠢᠶᠠᠨ ᠤᠰᠤᠷᠬᠠᠭ ᠪᠣᠯᠵᠤ ᠠᠮᠠᠷᠬᠠᠨ ᠢᠯᠵᠠᠷᠠᠨ᠂ ᠲᠣᠯᠪᠤ ᠰᠠᠭᠤᠳᠠᠭ᠃      ᠳᠠᠪᠤᠰᠤᠯᠠᠭᠰᠠᠨ ᠭᠠᠭ᠋ᠠᠢ ᠶᠢᠨ ᠭᠤᠶ᠎ᠠ᠄ ᠬᠥᠯᠳᠡᠭᠡᠭᠦᠷ ᠲᠤ ᠬᠠᠳᠠᠭᠠᠯᠠᠪᠠᠯ ᠤᠰᠤᠯᠢᠭ ᠬᠡᠮᠵᠢᠶ᠎ᠡ ᠨᠢ ᠬᠥᠯᠳᠡᠵᠦ ᠮᠦᠰᠦᠵᠢᠭᠡᠳ ᠥᠭᠡᠬᠦᠨ ᠤ ᠢᠰᠦᠯᠲᠡ ᠨᠢ ᠲᠦᠷᠭᠡᠳᠴᠦ᠂ ᠴᠢᠨᠠᠷ ᠨᠢ ᠮᠠᠭᠤᠳᠠᠨ᠂ ᠬᠠᠳᠠᠭᠠᠯᠠᠬᠤ ᠬᠤᠭᠤᠴᠠᠭ᠎ᠠ ᠨᠢ ᠪᠣᠭᠤᠨᠢᠰᠳᠠᠭ᠃      ᠴᠤᠺᠤᠯᠠᠳ᠋᠄ 30 ᠭᠷᠡᠳᠦ᠋ᠰ ᠤᠨ ᠬᠠᠯᠠᠭᠤᠨ ᠳᠤ ᠴᠤᠺᠤᠯᠠᠳ᠋ ᠢᠶᠠᠨ ᠴᠠᠭᠢᠯᠭᠠᠨ ᠬᠥᠯᠳᠡᠭᠡᠭᠦᠷ ᠠᠴᠠ ᠠᠪᠴᠤ ᠭᠠᠷᠭᠠᠬᠤ ᠳᠤ ᠦᠩᠭᠡᠨ ᠲᠠᠯ᠎ᠠ ᠨᠢ ᠠᠪᠤᠨ ᠳᠣᠣᠷ᠎ᠠ ᠪᠠᠨ ᠭᠢᠷᠠᠭᠤᠵᠢᠵᠦ᠂ ᠤᠳᠠᠭᠠᠨ ᠳᠠᠭᠠᠨ ᠴᠤᠺᠤᠯᠠᠳ᠋ ᠨᠢ ᠴᠢᠭᠢᠭᠳᠡᠭᠰᠡᠨ ᠠᠴᠠ ᠪᠣᠯᠵᠤ ᠢᠯᠵᠠᠷᠠᠨ ᠡᠪᠳᠡᠷᠡᠬᠦ ᠪᠤᠶᠤ ᠬᠤᠷᠤᠬᠠᠶᠢᠳᠠᠳᠠᠭ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000611号-1号